ᠬᠤᠯᠯᠢᠸᠤᠳ᠋ ᠤᠨ ᠵᠦᠴᠦᠭᠡᠴᠢᠨ ᠮᠣᠩᠭᠣᠯ ᠤᠯᠤᠰ ᠤᠨ ᠰᠤᠶᠤᠯ ᠤᠨ ᠡᠯᠴᠢ ᠪᠣᠯᠤᠯ᠎ᠠ | News.MN

ᠬᠤᠯᠯᠢᠸᠤᠳ᠋ ᠤᠨ ᠵᠦᠴᠦᠭᠡᠴᠢᠨ ᠮᠣᠩᠭᠣᠯ ᠤᠯᠤᠰ ᠤᠨ ᠰᠤᠶᠤᠯ ᠤᠨ ᠡᠯᠴᠢ ᠪᠣᠯᠤᠯ᠎ᠠ

ᠡᠯᠴᠢᠨ ᠰᠠᠶᠢᠳ ᠥ᠊ ∙ ᠪᠠᠲᠤᠪᠠᠶᠠᠷ ᠠᠮᠧᠷᠢᠺᠠ ᠶᠢᠨ ᠨᠢᠭᠡᠳᠦᠭᠰᠡᠨ ᠤᠯᠤᠰ ᠳᠠᠬᠢ ᠮᠣᠩᠭᠣᠯ ᠤᠯᠤᠰ ᠤᠨ ᠰᠤᠶᠤᠯ ᠤᠨ ᠡᠯᠴᠢ ᠪᠡᠷ ᠲᠣᠮᠢᠯᠠᠭᠳᠠᠭᠰᠠᠨ ᠰᠢᠩ ᠺᠤᠶᠠᠮᠠᠳᠠ ᠳᠦ ᠰᠤᠶᠤᠯ ᠤᠨ ᠡᠯᠴᠢ ᠶᠢᠨ ᠭᠡᠷᠡᠴᠢᠯᠡᠭᠡ ᠶᠢ ᠭᠠᠷᠳᠠᠭᠤᠯᠵᠤ᠂ ᠬᠠᠮᠲᠤ ᠶᠢᠨ ᠠᠵᠢᠯᠯᠠᠭᠠᠨ ᠤ ᠭᠡᠷ᠎ᠡ ᠪᠠᠶᠢᠭᠤᠯᠵᠠᠢ᠃ ᠰᠢᠩ ᠺᠤᠶᠠᠮᠠᠳᠠ ᠨᠢ 《ᠰᠡᠭᠦᠯᠴᠢ ᠶᠢᠨ ᠰᠠᠮᠤᠷᠠᠢ》 ᠺᠢᠨᠤ᠋ ᠳᠤ ᠲᠣᠭᠯᠠᠭᠰᠠᠨ ᠵᠦᠴᠦᠭᠡᠴᠢᠨ ᠪᠠ  ᠳ᠋ᠢᠰᠨᠢ ᠶᠢᠨ ᠰᠤᠪᠠᠭ ᠤᠨ ᠠᠩᠬᠠᠨ ᠤ ᠺᠢᠨᠣ᠋ ᠪᠣᠯᠬᠤ 《Wendy Wu Homecoming Warrior》  ᠳᠦ ᠲᠣᠭᠯᠠᠭᠰᠠᠨ ᠨᠢ ᠠᠮᠧᠷᠢᠺᠠ ᠂ ᠠᠽᠢᠶ᠎ᠠ᠂ ᠧᠦ᠋ᠷᠣᠫᠠ  ᠳ᠋ᠡᠬᠢ ᠬᠠᠮᠤᠭ ᠤᠨ ᠠᠯᠳᠠᠷᠲᠠᠢ ᠳ᠋ᠢᠰᠨᠢ  ᠰᠤᠪᠠᠭ ᠤᠨ ᠺᠢᠨᠤ᠋ ᠶᠢᠨ ᠨᠢᠭᠡ ᠪᠣᠯᠤᠭᠰᠠᠨ ᠪᠢᠯᠡ᠃
ᠰᠢᠩ ᠺᠤᠶᠠᠮᠠᠳᠠ ᠨᠢ ᠮᠣᠩᠭᠣᠯ ᠤᠯᠤᠰ ᠲᠠᠢ ᠳᠣᠲᠣᠨᠣ ᠬᠠᠷᠢᠯᠴᠠᠭ᠎ᠠ ᠲᠠᠢ ᠨᠢᠭᠡᠨ ᠪᠥᠭᠡᠳ ᠲᠡᠭᠦᠨ ᠦ ᠲᠤᠷᠰᠢᠯᠭ᠎ᠠ᠂ ᠵᠢᠳᠬᠦᠯ ᠨᠢ ᠮᠣᠩᠭᠣᠯ-ᠠᠮᠧᠷᠢᠺᠠ ᠶᠢᠨ ᠰᠤᠶᠤᠯ ᠤᠨ ᠬᠠᠷᠢᠯᠴᠠᠭ᠎ᠠ᠂ ᠬᠠᠮᠲᠤ ᠶᠢᠨ ᠠᠵᠢᠯᠯᠠᠭ᠎ᠠ ᠶᠢ ᠬᠥᠭᠵᠢᠭᠦᠯᠬᠦ᠂ ᠮᠥᠨ ᠰᠤᠶᠤᠯ ᠤᠨ ᠪᠦᠲᠦᠭᠡᠯᠴᠢ ᠦᠢᠯᠡᠳᠪᠦᠷᠢᠯᠡᠯ ᠢ ᠬᠥᠭᠵᠢᠭᠦᠯᠬᠦ ᠮᠣᠩᠭᠣᠯ ᠤᠯᠤᠰ ᠤᠨ ᠵᠠᠰᠠᠭ ᠤᠨ ᠭᠠᠵᠠᠷ ᠤᠨ ᠪᠣᠳᠣᠯᠭ᠎ᠠ ᠶᠢ ᠬᠡᠷᠡᠭᠵᠢᠭᠦᠯᠬᠦ ᠳᠦ ᠣᠨᠴᠠᠭᠠᠢ ᠡᠭᠦᠷᠭᠡ ᠲᠡᠢ ᠬᠡᠮᠡᠨ ᠦᠵᠡᠵᠦ ᠪᠠᠶᠢᠭ᠎ᠠ ᠶᠢ ᠡᠯᠴᠢᠨ ᠰᠠᠶᠢᠳ ᠣᠨᠴᠠᠯᠠᠨ ᠲᠡᠮᠳᠡᠭᠯᠡᠪᠡ᠃

ᠰᠡᠳᠬᠢᠭᠳᠡᠯ ᠦᠯᠡᠳᠡᠭᠡᠬᠦ