《ᠡᠩᠬᠡ ᠶᠢᠨ ᠭᠦᠶᠦᠯᠲᠡ 2022》ᠭᠠᠯ ᠪᠠᠮᠪᠠᠷᠲᠤ ᠪᠤᠤᠬᠢᠶ᠎ᠠ ᠡᠬᠢᠯᠡᠨ᠎ᠡ | News.MN

《ᠡᠩᠬᠡ ᠶᠢᠨ ᠭᠦᠶᠦᠯᠲᠡ 2022》ᠭᠠᠯ ᠪᠠᠮᠪᠠᠷᠲᠤ ᠪᠤᠤᠬᠢᠶ᠎ᠠ ᠡᠬᠢᠯᠡᠨ᠎ᠡ

︽ᠬᠦᠮᠦᠨ ᠲᠥᠷᠥᠯᠬᠢᠲᠡᠨ ᠦ ᠡᠪ ᠡᠶ᠎ᠡ᠂ ᠡᠩᠬᠡ ᠠᠮᠤᠭᠤᠯᠠᠩ ᠢ ᠬᠦᠰᠡᠬᠦ ᠰᠡᠳᠬᠢᠯ ᠦᠨ ᠤᠷᠢᠶ᠎ᠠ ᠶᠢ ᠲᠦᠭᠡᠭᠡᠬᠦ ᠣᠯᠠᠨ ᠤᠯᠤᠰ ᠤᠨ ᠭᠠᠯ ᠪᠠᠮᠪᠠᠷᠲᠤ ᠪᠤᠤᠬᠢᠶ᠎ᠠ ᠭᠦᠶᠦᠯᠲᠡ︾ ᠮᠣᠩᠭᠣᠯ ᠳᠤ 14 ᠳ᠋ᠡᠬᠢ ᠤᠳᠠᠭ᠎ᠠ ᠪᠠᠨ ᠵᠣᠬᠢᠶᠠᠭᠳᠠᠬᠤ ᠳᠤ ᠪᠡᠯᠡᠨ ᠪᠣᠯᠵᠠᠢ᠃ 7300 ᠺᠢᠯᠣᠮᠧᠲ᠋ᠷ ᠵᠠᠮ ᠢ ᠲᠤᠭᠤᠯᠵᠤ 21 ᠠᠶᠢᠮᠠᠭ ᠤᠨ 108 ᠰᠤᠮᠤ ᠪᠠᠷ ᠳᠠᠭᠠᠷᠢᠬᠤ  ᠡᠨᠡ ᠪᠤᠤᠬᠢᠶ᠎ᠠ ᠲᠠᠪᠤᠳᠤᠭᠠᠷ ᠰᠠᠷ᠎ᠠ ᠶᠢᠨ 14  ᠳᠦ ᠡᠬᠢᠯᠡᠨ᠎ᠡ᠃  ᠭᠠᠯ ᠪᠠᠮᠪᠠᠷ ᠢ ᠠᠶᠢᠮᠠᠭ᠂ ᠰᠤᠮᠤ ᠨᠤᠭᠤᠳ ᠢᠶᠠᠷ ᠪᠤᠤᠬᠢᠶᠠᠯᠠᠨ ᠳᠠᠮᠵᠢᠭᠤᠯᠬᠤ ᠪᠥᠭᠡᠳ 15 ᠬᠦᠮᠦᠨ ᠦ ᠪᠦᠷᠢᠯᠳᠦᠬᠦᠨ ᠲᠡᠢ ᠦᠨᠳᠦᠰᠦᠨ ᠪᠠᠭ ᠪᠠᠮᠪᠠᠷ ᠢ ᠤᠨᠲᠠᠷᠠᠭᠠᠯ ᠦᠭᠡᠢ ᠠᠪᠴᠤ ᠶᠠᠪᠤᠬᠤ ᠶᠤᠮ᠃  ᠭᠦᠶᠦᠬᠦ ᠱᠤᠭᠤᠮ᠄
1 ᠳᠦᠭᠡᠷ ᠬᠡᠰᠡᠭ᠄ 5  ᠳ᠋ᠤᠭᠠᠷ ᠰᠠᠷ᠎ᠠ ᠶᠢᠨ 14-27 ᠳᠤ ᠤᠯᠠᠭᠠᠨᠪᠠᠭᠠᠲᠤᠷ-ᠲᠥᠪ- ᠬᠡᠨᠲᠡᠢ- ᠳᠣᠷᠣᠨᠠᠲᠤ- ᠰᠦᠬᠡᠪᠠᠭᠠᠲᠤᠷ- ᠳᠣᠷᠣᠨᠠᠭᠣᠪᠢ- ᠭᠣᠪᠢᠰᠦᠮᠪᠦᠷ
2 ᠳ᠋ᠤᠭᠠᠷ ᠬᠡᠰᠡᠭ᠄ 5  ᠳ᠋ᠤᠭᠠᠷ ᠰᠠᠷ᠎ᠠ ᠶᠢᠨ 29  ᠡᠴᠡ 6 ᠳ᠋ᠤᠭᠠᠷ ᠰᠠᠷ᠎ᠠ ᠶᠢᠨ 24 ᠳᠤ ᠭᠤᠪᠢᠰᠦ᠋ᠮᠪᠤᠷ – ᠳᠤᠮᠳᠠᠭᠤᠪᠢ – ᠡᠮᠦᠨᠡᠭᠣᠪᠢ – ᠥᠪᠦᠷᠬᠠᠩᠭᠠᠢ – ᠪᠠᠶᠠᠨᠬᠣᠩᠭᠣᠷ – ᠭᠣᠪᠢ-ᠠᠯᠲᠠᠢ- ᠬᠣᠪᠳᠣ- ᠪᠠᠶᠠᠨ-ᠥᠯᠥᠭᠡᠢ- ᠤᠪᠰᠤ- ᠵᠠᠪᠬᠠᠨ- ᠠᠷᠤᠬᠠᠩᠭᠠᠢ
3 ᠳ᠋ᠤᠭᠠᠷ ᠬᠡᠰᠡᠭ᠄ 6  ᠳ᠋ᠤᠭᠠᠷ ᠰᠠᠷ᠎ᠠ ᠶᠢᠨ 26  ᠠᠴᠠ 7  ᠳ᠋ᠤᠭᠠᠷ ᠰᠠᠷ᠎ᠠ ᠶᠢᠨ 7 ᠳᠤ ᠠᠷᠤᠬᠠᠩᠭᠠᠢ – ᠬᠥᠪᠰᠥᠭᠥᠯ – ᠪᠤᠯᠠᠭᠠᠨ – ᠣᠷᠬᠣᠨ – ᠰᠡᠯᠡᠩᠭᠡ – ᠳᠠᠷᠬᠠᠨ – ᠲᠥᠪ – ᠤᠯᠠᠭᠠᠨᠪᠠᠭᠠᠲᠤᠷ

ᠰᠡᠳᠬᠢᠭᠳᠡᠯ ᠦᠯᠡᠳᠡᠭᠡᠬᠦ