ᠡᠨᠡ ᠰᠠᠷ᠎ᠠ ᠶᠢᠨ 15 ᠳᠤ︽ᠳᠡᠯᠡᠬᠡᠢ ᠶᠢᠨ ᠭᠡᠷ ᠪᠦᠯᠢ ᠶᠢᠨ ᠡᠳᠦᠷ︾ᠲᠣᠬᠢᠶᠠᠨ᠎ᠠ᠃ ᠡᠭᠦᠨ ᠢ ᠤᠭᠲᠤᠵᠤ ᠣᠷᠬᠤᠨ ᠠᠶᠢᠮᠠᠭ ᠤᠨ ᠭᠡᠷ ᠪᠦᠯᠢ᠂ ᠬᠡᠦᠬᠡᠳ᠂ ᠵᠠᠯᠠᠭᠤᠴᠤᠳ ᠤᠨ ᠬᠥᠭᠵᠢᠯ ᠤᠨ ᠭᠠᠵᠠᠷ ᠠᠴᠠ︽ᠨᠢᠭᠡᠳᠦᠭᠡᠷ ᠲᠤ ᠬᠡᠦᠬᠡᠳ︾ᠬᠥᠭᠵᠢᠯ᠂ ᠬᠠᠮᠠᠭᠠᠯᠠᠯ ᠤᠨ ᠨᠢᠭᠡ ᠰᠠᠷ᠎ᠠ ᠶᠢᠨ ᠠᠶᠠᠨ ᠢ ᠡᠬᠢᠯᠡᠭᠦᠯᠦᠯ᠎ᠡ᠃ ᠠᠶᠠᠨ ᠤ ᠬᠦᠷᠢᠶᠡᠨ ᠳᠤ︽ᠭᠡᠷ ᠪᠦᠯᠢ ᠶᠢᠨ ᠬᠥᠭᠵᠢᠯ ᠤᠨ ᠤᠯᠠᠮᠵᠢᠯᠠᠯᠲᠤ ᠴᠢᠭ ᠬᠠᠨᠳᠤᠯᠭ᠎ᠠ︾ᠣᠨᠤᠯ ᠫᠷᠠᠻᠲ᠋ᠢᠭ ᠤᠨ ᠪᠠᠭ᠎ᠠ ᠬᠤᠷᠠᠯ᠂︽ᠪᠦᠬᠦ ᠬᠠᠶᠢᠷ᠎ᠠ ᠪᠠᠨ ᠭᠡᠷ ᠪᠦᠯᠢ ᠳᠡᠭᠡᠨ︾ᠡᠳᠦᠷᠯᠢᠭ᠂︽ᠡᠷᠳᠡᠨᠢᠲᠦ ᠶᠢᠨ ᠭᠡᠷ ᠪᠦᠯᠢ︾ᠴᠢᠭᠤᠯᠭ᠎ᠠ ᠠᠭᠤᠯᠵᠠᠯᠲᠠ᠂︽ᠭᠡᠷ ᠪᠦᠯᠢ ᠪᠠ ᠰᠡᠳᠬᠢᠯ ᠵᠦᠢ ᠶᠢᠨ ᠵᠥᠪᠯᠡᠯᠭᠡ︾ᠵᠡᠷᠭᠡ ᠣᠯᠠᠨ ᠠᠵᠢᠯ ᠵᠣᠬᠢᠶᠠᠨ ᠪᠠᠶᠢᠭᠤᠯᠬᠤ ᠶᠤᠮ᠃
ᠮᠦᠠ ᠭᠡᠷ ᠪᠦᠯᠢ ᠶᠢᠨ ᠣᠷᠳᠣᠨ ᠨᠢ ᠲᠥᠷᠦ ᠶᠢᠨ ᠪᠠᠶᠢᠭᠤᠯᠤᠯᠭ᠎ᠠ ᠳᠤ ᠠᠵᠢᠯᠯᠠᠳᠠᠭ 10 ᠵᠠᠯᠠᠭᠤ ᠶᠢᠨ ᠬᠤᠷᠢᠮ ᠢ ᠦᠨ᠎ᠡ ᠲᠥᠯᠥᠪᠦᠷᠢ ᠦᠭᠡᠢ ᠪᠠᠷ ᠠ᠊ · ᠠᠮᠤᠷ ᠤᠨ ᠲᠠᠯᠠᠪᠠᠢ ᠳᠤ ᠵᠣᠬᠢᠶᠠᠨ ᠪᠠᠶᠢᠭᠤᠯᠵᠤ᠂ ᠪᠠᠲᠤᠯᠠᠬᠤ ᠶᠢ ᠨᠢ ᠭᠠᠷᠳᠠᠭᠤᠯᠵᠤ ᠦᠭᠬᠦ ᠭᠡᠨ᠎ᠡ᠃