ᠤ᠊·ᠬᠦᠷᠡᠯᠰᠦ᠋ᠬᠡ  ᠳᠤ ᠣᠯᠠᠨ ᠤᠯᠤᠰ ᠤᠨ ᠸᠠᠯᠢᠶᠤᠲ ᠤᠨ ᠰᠠᠩ  ᠤᠨ ᠭᠢᠨ ᠪᠠᠷᠠᠭᠠᠯᠠᠬᠠᠯ᠎ᠠ | News.MN

ᠤ᠊·ᠬᠦᠷᠡᠯᠰᠦ᠋ᠬᠡ  ᠳᠤ ᠣᠯᠠᠨ ᠤᠯᠤᠰ ᠤᠨ ᠸᠠᠯᠢᠶᠤᠲ ᠤᠨ ᠰᠠᠩ  ᠤᠨ ᠭᠢᠨ ᠪᠠᠷᠠᠭᠠᠯᠠᠬᠠᠯ᠎ᠠ

ᠮᠣᠩᠭᠤᠯ ᠤᠯᠤᠰ ᠤᠨ ᠶᠡᠷᠦᠩᠬᠡᠶᠢᠯᠡᠭᠴᠢ ᠤ᠊ ·ᠬᠦᠷᠡᠯᠰᠦ᠋ᠬᠡ ᠳᠤ ᠣᠯᠠᠨ ᠤᠯᠤᠰ ᠤᠨ ᠸᠠᠯᠢᠶᠤᠲ ᠤᠨ ᠰᠠᠩ  ᠤᠨ ᠮᠣᠩᠭᠤᠯ ᠢ ᠬᠠᠷᠢᠭᠤᠴᠠᠭᠰᠠᠨ ᠠᠵᠢᠯ ᠤᠨ ᠪᠠᠭ ᠤᠨ ᠠᠬᠠᠯᠠᠭᠴᠢ ᠠᠩᠭᠠᠨᠠ ᠪᠠᠨᠧᠷᠵᠢ ᠪᠤᠯᠦᠠ ᠮᠣᠩᠭᠤᠯ  ᠤᠯᠤᠰ ᠲᠡᠬᠢ ᠰᠠᠭᠤᠷᠢᠨ ᠲᠥᠯᠦᠭᠡᠯᠡᠭᠴᠢ ᠶᠦᠡᠭ ᠰᠣᠺ  ᠬᠶᠤᠨ  ᠨᠠᠷ ᠪᠠᠷᠠᠭᠠᠯᠠᠬᠠᠯ᠎ᠠ᠃ ᠠᠭᠤᠯᠵᠠᠯᠲᠠ ᠶᠢᠨ ᠦᠶ᠎ᠡ ᠪᠠᠷ ᠶᠡᠷᠦᠩᠬᠡᠶᠢᠯᠡᠭᠴᠢ ᠤ᠊ · ᠬᠦᠷᠡᠯᠰᠦ᠋ᠬᠡ ᠮᠣᠩᠭᠤᠯ ᠤᠯᠤᠰ ᠪᠤᠯᠦᠠ  ᠣᠯᠠᠨ ᠤᠯᠤᠰ ᠤᠨ ᠸᠠᠯᠢᠶᠤᠲ ᠤᠨ ᠰᠠᠩ  ᠤᠨ ᠦᠡᠭᠭᠡᠷᠡᠭᠰᠡᠠ ᠵᠢᠯ ᠤᠳ ᠲᠤ ᠬᠠᠮᠲᠤᠷᠠᠨ ᠬᠡᠷᠡᠭᠵᠢᠭᠦᠯᠦᠭᠰᠡᠨ ᠪᠣᠳᠤᠯᠭ᠎ᠠ᠂ ᠷᠧᠹᠣᠷᠮ ᠤᠳ ᠨᠢ ᠮᠣᠩᠭᠤᠯ ᠤᠯᠤᠰ ᠤᠨ ᠡᠳ᠋ ᠤᠨ ᠵᠠᠰᠠᠭ ᠲᠤ ᠴᠢᠬᠤᠯᠠ ᠡᠭᠦᠷᠭᠡ ᠭᠦᠢᠴᠡᠳᠭᠡᠭᠰᠡᠨ ᠢ ᠣᠨᠴᠠᠯᠠᠯ᠎ᠠ᠃

ᠣᠯᠠᠨ ᠤᠯᠤᠰ ᠤᠨ ᠸᠠᠯᠢᠶᠤᠲ ᠤᠨ ᠰᠠᠩ ᠶᠢᠨ  ᠭᠢᠨ  ᠮᠣᠩᠭᠤᠯ ᠤᠯᠤᠰ ᠤᠨ ᠡᠳ᠋ ᠤᠨ ᠵᠠᠰᠠᠭ ᠤᠨ ᠥᠨᠦ ᠶᠢᠨ ᠨᠥᠬᠦᠴᠡᠯ ᠪᠠᠶᠢᠳᠠᠯ᠂ ᠴᠠᠭᠠᠰᠢᠳᠠ ᠶᠢᠨ ᠬᠥᠭᠵᠢᠯ ᠤᠨ ᠴᠢᠭ ᠬᠠᠨᠳᠤᠯᠭ᠎ᠠ ᠶᠢᠨ ᠲᠠᠯ᠎ᠠ ᠪᠠᠷ ᠲᠥᠷᠦ ᠶᠢᠨ ᠲᠡᠷᠢᠭᠦᠨ ᠲᠠᠢ ᠰᠠᠨᠠᠯ ᠰᠣᠯᠢᠯᠴᠠᠵᠤ᠂  ᠣᠯᠠᠨ ᠤᠯᠤᠰ ᠤᠨ ᠸᠠᠯᠢᠶᠤᠲ ᠤᠨ ᠰᠠᠩ ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠵᠤ ᠪᠤᠢ ᠳᠤ ᠲᠠᠯᠠᠷᠬᠠᠯ ᠢᠯᠡᠷᠬᠡᠶᠢᠯᠡᠪᠡ᠃

ᠡᠴᠦᠰ ᠲᠤ ᠨᠢ ᠶᠡᠷᠦᠩᠬᠡᠶᠢᠯᠡᠭᠴᠢ ᠤ᠊ · ᠬᠦᠷᠡᠯᠰᠦ᠋ᠬᠡ ᠢᠷᠡᠬᠦ ᠵᠢᠯ ᠤᠳ ᠲᠤ ᠮᠣᠩᠭᠤᠯ ᠤᠯᠤᠰ ︽ᠣᠯᠪᠤᠷᠢᠯᠠᠯᠲᠠ ᠠᠴᠠ ᠪᠣᠯᠪᠠᠰᠤᠷᠠᠭᠤᠯᠤᠯᠲᠠ ᠳᠤ᠂ ᠢᠮᠫᠣᠷᠲ ᠠᠴᠠ ᠡᠺᠰᠫᠣᠷᠲ ᠲᠤ᠂ ᠬᠠᠯᠠᠮᠵᠢ ᠠᠴᠠ ᠬᠥᠳᠡᠯᠮᠦᠷᠢ ᠳᠤ︾ ᠰᠢᠯᠵᠢᠬᠦ ᠰᠠᠭᠤᠷᠢ ᠷᠧᠹᠣᠷᠮ ᠤᠳ ᠢ ᠬᠡᠷᠡᠭᠵᠢᠭᠦᠯᠬᠦ ᠳᠤ  ᠣᠯᠠᠨ ᠤᠯᠤᠰ ᠤᠨ ᠸᠠᠯᠢᠶᠤᠲ ᠤᠨ ᠰᠠᠩ ᠲᠠᠢ ᠬᠠᠮᠲᠤᠷᠠᠨ ᠠᠵᠢᠯᠯᠠᠨ᠎ᠠ ᠭᠡᠳᠡᠭ ᠲᠤ ᠢᠲᠡᠭᠡᠯ ᠲᠠᠢ ᠪᠠᠶᠢᠭ᠎ᠠ ᠪᠠᠨ ᠢᠯᠡᠷᠬᠡᠶᠢᠯᠡᠵᠦ᠂ ᠠᠵᠢᠯ ᠤᠨ ᠪᠠᠭ ᠲᠤ  ᠠᠮᠵᠢᠯᠲᠠ ᠬᠦᠰᠡᠯ᠎ᠡ᠃

ᠰᠡᠳᠬᠢᠭᠳᠡᠯ ᠦᠯᠡᠳᠡᠭᠡᠬᠦ