ᠰᠡᠷᠭᠦᠭᠡᠰᠢ ᠢᠯᠡᠷᠡᠭᠰᠡᠨ ᠬᠤᠶᠠᠷ ᠪᠦᠬᠡ ᠠᠭᠤᠴᠢᠯᠠᠯ ᠬᠦᠰᠡᠵᠡᠢ | News.MN

ᠰᠡᠷᠭᠦᠭᠡᠰᠢ ᠢᠯᠡᠷᠡᠭᠰᠡᠨ ᠬᠤᠶᠠᠷ ᠪᠦᠬᠡ ᠠᠭᠤᠴᠢᠯᠠᠯ ᠬᠦᠰᠡᠵᠡᠢ

ᠮᠣᠩᠭᠣᠯ ᠤᠨ ᠦᠨᠳᠦᠰᠦᠨ ᠤ ᠳ᠋ᠣᠫᠢᠩ ᠤᠨ  ᠡᠰᠡᠷᠭᠦ ᠪᠠᠶᠢᠭᠤᠯᠤᠯᠭ᠎ᠠ ᠡᠨᠡ ᠣᠨ ᠤ ᠭᠤᠷᠪᠠᠳᠤᠭᠠᠷ ᠰᠠᠷ᠎ᠠ ᠶᠢᠨ 17-19  ᠤ ᠡᠳᠦᠷ ᠤᠨ ᠪᠠᠷᠢᠯᠳᠤᠭᠠᠨ ᠳᠤ ᠰᠢᠪᠦᠭᠡᠷᠡᠭᠰᠡᠨ 14 ᠪᠥᠬᠡ ᠠᠴᠠ ᠳ᠋ᠣᠫᠢᠩ ᠤᠨ ᠰᠢᠨᠵᠢᠯᠡᠭᠡ ᠠᠪᠴᠠᠢ᠃ ᠰᠢᠨᠵᠢᠯᠡᠭᠡᠨ ᠤ ᠬᠠᠷᠢᠭᠤ ᠣᠯᠠᠨ ᠤᠯᠤᠰ ᠤᠨ ᠳ᠋ᠣᠫᠢᠩ ᠤᠨ  ᠡᠰᠡᠷᠭᠦ ᠪᠠᠶᠢᠭᠤᠯᠤᠯᠭ᠎ᠠ ᠶᠢᠨ ᠢᠲᠡᠭᠡᠮᠵᠢᠯᠡᠭᠰᠡᠨ  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ  ᠤᠨ ᠯᠠᠪᠤᠷᠠᠲ᠋ᠤᠷᠢ ᠠᠴᠠ ᠳᠥᠷᠪᠡᠳᠦᠭᠡᠷ ᠰᠠᠷ᠎ᠠ ᠶᠢᠨ 25 ᠤ ᠡᠳᠦᠷ ᠢᠷᠡᠭᠰᠡᠨ ᠪᠠᠶᠢᠨ᠎ᠡ᠃ ᠡᠭᠦᠨ ᠳᠦ 2 ᠰᠢᠨᠵᠢᠯᠡᠭᠡᠨ ᠡᠴᠡ ᠬᠤᠷᠢᠭ᠎ᠠ ᠲᠠᠢ ᠡᠮ ᠪᠡᠯᠡᠳᠦᠮᠡᠯ ᠤᠨ ᠵᠢᠭᠰᠠᠭᠠᠯᠲᠠ ᠳᠤ ᠪᠠᠭᠲᠠᠭᠰᠠᠨ ᠨᠢᠭᠡ ᠲᠥᠷᠥᠯ ᠤᠨ ᠪᠣᠳᠠᠰ ᠢᠯᠡᠷᠡᠭᠰᠡᠨ ᠪᠠᠢᠨ᠎ᠠ᠃ ᠵᠢᠷᠤᠮ ᠤᠨ ᠳᠠᠭᠠᠤ ᠬᠤᠶᠠᠷ ᠪᠥᠬᠡ ᠳᠤ ᠬᠠᠷᠢᠭᠤ ᠶᠢ ᠮᠡᠳᠡᠭᠳᠡᠬᠦ ᠳᠤ ᠲᠡᠳᠡ ᠳᠥᠷᠪᠡᠳᠦᠭᠡᠷ ᠰᠠᠷ᠎ᠠ ᠶᠢᠨ 27 ᠤ ᠡᠳᠦᠷ ᠥᠪᠡᠷ ᠤᠨ ᠪᠡᠶ᠎ᠡ ᠪᠠᠷ ᠢᠷᠠᠵᠤ᠂ ᠰᠢᠨᠵᠢᠯᠡᠭᠡᠨ ᠤ ᠬᠠᠷᠢᠭᠤ ᠪᠠᠨ ᠬᠦᠯᠢᠶᠡᠨ ᠠᠪᠤᠭᠰᠠᠨ ᠪᠠᠶᠢᠨ᠎ᠡ᠃
ᠬᠤᠶᠠᠷ  ᠪᠥᠬᠡ ᠬᠤᠷᠢᠭ᠎ᠠ ᠲᠠᠢ ᠡᠮ ᠪᠡᠯᠡᠳᠦᠮᠡᠯ ᠬᠡᠷᠡᠭᠯᠡᠭᠰᠡᠨ ᠰᠢᠯᠲᠠᠭᠠᠨ ᠢᠶᠠᠨ ᠳᠤᠷᠠᠳᠤᠨ᠂ ᠭᠡᠮ ᠪᠤᠷᠤᠭᠤ ᠪᠠᠨ ᠬᠦᠯᠢᠶᠡᠨ ᠠᠭᠤᠴᠢᠯᠠᠯ ᠬᠦᠰᠡᠵᠦ᠂ ᠶᠠᠮᠠᠷᠪᠠ ᠨᠢᠭᠡᠨ ᠰᠢᠢᠳᠬᠡᠯ᠂ ᠬᠠᠷᠢᠭᠤᠴᠠᠯᠭ᠎ᠠ ᠶᠢ ᠬᠦᠯᠢᠶᠡᠨ ᠠᠪᠬᠤ ᠪᠠᠨ ᠮᠡᠳᠡᠭᠳᠡᠭᠰᠡᠨ ᠡᠷᠭᠦᠳᠡᠯ᠂ ᠬᠦᠰᠡᠯᠲᠡ ᠶᠢ 2022 ᠣᠨ ᠤ ᠳᠥᠷᠪᠡᠳᠦᠭᠡᠷ ᠰᠠᠷ᠎ᠠ ᠶᠢᠨ 30 ᠤ ᠡᠳᠦᠷ ᠮᠤᠩᠭᠤᠯ ᠤᠨ ᠦᠨᠳᠦᠰᠦᠨ ᠦ ᠪᠦᠬᠡ ᠶᠢᠨ ᠬᠤᠯᠪᠤᠭ᠎ᠠ ᠳᠤ ᠢᠷᠡᠭᠦᠯᠦᠭᠰᠡᠨ ᠢ ᠲᠡᠷᠢᠭᠦᠯᠡᠭᠴᠢᠳ ᠲᠤ 2022 ᠣᠨ ᠤ ᠲᠠᠪᠤᠳᠤᠭᠠᠷ ᠰᠠᠷ᠎ᠠ ᠶᠢᠨ 02 ᠤ ᠡᠳᠦᠷ ᠤᠨ ᠡᠭᠡᠯᠵᠢᠲᠦ ᠬᠤᠷᠠᠯ ᠢᠶᠠᠷ ᠲᠠᠨᠢᠯᠴᠠᠭᠤᠯᠵᠠᠢ᠃

ᠰᠡᠳᠬᠢᠭᠳᠡᠯ ᠦᠯᠡᠳᠡᠭᠡᠬᠦ