LRT ᠲᠥᠰᠥᠯ ᠢ ᠰᠤᠳᠤᠯᠬᠤ ᠠᠵᠢᠯ ᠤᠨ ᠪᠠᠭ ᠪᠠᠶᠢᠭᠤᠯᠤᠨ᠎ᠠ | News.MN

LRT ᠲᠥᠰᠥᠯ ᠢ ᠰᠤᠳᠤᠯᠬᠤ ᠠᠵᠢᠯ ᠤᠨ ᠪᠠᠭ ᠪᠠᠶᠢᠭᠤᠯᠤᠨ᠎ᠠ

ᠤᠯᠤᠰ ᠤᠨ ᠶᠡᠭᠡ ᠬᠤᠷᠠᠯ ᠳᠠᠬᠢ ᠮᠤᠩᠭᠤᠯ ᠠᠷᠠᠳ ᠤᠨ ᠨᠠᠮ  ᠤᠨ ᠪᠦᠯᠦᠭ ᠤᠨ ᠥᠨᠥᠳᠥᠷ ᠤᠨ ᠡᠭᠡᠯᠵᠢᠲᠦ ᠬᠤᠷᠠᠯᠳᠤᠭᠠᠨ ᠢᠶᠠᠷ LRT ᠲᠥᠰᠥᠯ ᠢ ᠨᠠᠷᠢᠪᠴᠢᠯᠠᠨ ᠰᠤᠳᠤᠯᠬᠤ ᠠᠵᠢᠯ ᠤᠨ ᠪᠠᠭ ᠢ ᠵᠠᠰᠠᠭ ᠤᠨ ᠭᠠᠵᠠᠷ ᠲᠠᠢ ᠬᠠᠮᠲᠤᠷᠠᠨ ᠪᠠᠶᠢᠭᠤᠯᠬᠤ ᠪᠠᠷ ᠰᠢᠢᠳᠪᠦᠷᠢᠯᠡᠭᠰᠡᠨ ᠪᠠᠶᠢᠨ᠎ᠡ᠃ ᠤᠭ ᠠᠵᠢᠯ ᠤᠨ ᠪᠠᠭ 14 ᠬᠤᠨᠤᠭ ᠲᠤ ᠪᠠᠭᠲᠠᠭᠠᠨ ᠳ᠋ᠦᠩᠨᠡᠯᠲᠡ ᠪᠠᠨ ᠭᠠᠷᠭᠠᠬᠤ ᠶᠤᠮ᠃
ᠬᠤᠷᠠᠯᠳᠤᠭᠠᠨ ᠳᠤ ᠨᠡᠶᠢᠰᠯᠡᠯ ᠤᠨ ᠤᠳᠤᠷᠢᠳᠤᠯᠭ᠎ᠠ ᠨᠠᠷ ᠢ ᠣᠷᠣᠯᠴᠠᠭᠤᠯᠵᠤ᠂ LRT ᠪᠤᠶᠤ︽ᠲᠤᠯᠭᠠᠭᠤᠷᠢᠲᠤ ᠭᠦᠦᠷ ᠤᠨ ᠪᠠᠶᠢᠭᠤᠯᠤᠮᠵᠢ  ᠪᠦᠬᠦᠢᠯᠡ ᠤᠯᠠᠭᠠᠨᠪᠠᠭᠠᠲᠤᠷ ᠬᠥᠩᠭᠡᠨ ᠭᠠᠯᠲᠤ ᠲᠡᠷᠭᠡᠨ ᠤ ᠱᠤᠭᠤᠮ ᠲᠠᠯᠪᠢᠬᠤ︾ᠲᠥᠰᠥᠯ ᠤᠨ ᠲᠠᠨᠢᠯᠴᠠᠭᠤᠯᠭ᠎ᠠ ᠶᠢ ᠰᠣᠨᠣᠰᠴᠠᠢ᠃ ᠤᠯᠠᠮ ᠢᠶᠠᠷ ᠤᠭ ᠲᠥᠰᠥᠯ ᠢ ᠲᠥᠰᠦᠪ ᠤᠨ ᠲᠣᠳᠤᠳᠬᠠᠯ ᠤᠨ ᠬᠠᠮᠲᠤ ᠶᠠᠭᠠᠷᠠᠨ ᠬᠡᠯᠡᠯᠴᠡᠬᠦ ᠱᠠᠭᠠᠷᠳᠠᠯ ᠦᠭᠡᠢ᠂ ᠨᠠᠷᠢᠪᠴᠢᠯᠠᠨ ᠠᠪᠴᠤ ᠦᠵᠡᠬᠦ ᠨᠢ ᠵᠥᠪ ᠬᠡᠮᠡᠨ  ᠮᠤᠩᠭᠤᠯ ᠠᠷᠠᠳ ᠤᠨ ᠨᠠᠮ  ᠤᠨ ᠪᠦᠯᠦᠭ ᠰᠢᠢᠳᠪᠦᠷᠢᠯᠡᠵᠦ᠂ ᠠᠵᠢᠯ ᠤᠨ ᠪᠠᠭ ᠭᠠᠷᠭᠠᠬᠤ ᠪᠠᠷ ᠰᠢᠢᠳᠪᠦᠷᠢᠯᠡᠭᠰᠡᠨ ᠭᠡᠳᠡᠭ ᠢ ᠲᠤᠰ ᠪᠦᠯᠦᠭ ᠤᠨ ᠳᠠᠷᠤᠭ᠎ᠠ ᠳ᠋᠊·ᠲᠤᠭᠲᠠᠬᠤᠰᠦ᠋ᠷᠤᠩ ᠬᠡᠪᠯᠡᠯ ᠤᠨ ᠬᠤᠷᠠᠯ ᠬᠢᠵᠦ᠂ ᠲᠠᠨᠢᠯᠴᠠᠭᠤᠯᠪᠠ᠃

ᠰᠡᠳᠬᠢᠭᠳᠡᠯ ᠦᠯᠡᠳᠡᠭᠡᠬᠦ