ᠪᠠᠷᠠᠭᠤᠨ ᠪᠦᠰᠡ ᠳᠤ 500 ᠭᠠᠷᠦᠢ ᠬᠡᠦᠬᠡᠳ ᠲᠡᠬᠦᠯᠳᠡᠷ ᠬᠤᠭᠤᠷ ᠰᠤᠷᠴᠤ ᠪᠠᠶᠢᠨ᠎ᠡ | News.MN

ᠪᠠᠷᠠᠭᠤᠨ ᠪᠦᠰᠡ ᠳᠤ 500 ᠭᠠᠷᠦᠢ ᠬᠡᠦᠬᠡᠳ ᠲᠡᠬᠦᠯᠳᠡᠷ ᠬᠤᠭᠤᠷ ᠰᠤᠷᠴᠤ ᠪᠠᠶᠢᠨ᠎ᠡ

︽ᠪᠠᠷᠠᠭᠤᠨ ᠪᠦᠰᠡ ᠶᠢᠨ ᠠᠪᠢᠶᠠᠰᠯᠢᠭ ᠬᠥᠭᠵᠢᠮᠴᠢᠨ︾ᠲᠡᠬᠦᠯᠳᠡᠷ ᠬᠤᠭᠤᠷ ᠤᠨ ᠤᠯᠤᠰ ᠤᠨ ᠭᠤᠷᠪᠠᠳᠤᠭᠠᠷ ᠤᠷᠤᠯᠳᠤᠭᠠᠨ ᠡᠨᠡ ᠰᠠᠷ᠎ᠠ ᠶᠢᠨ 20-21   ᠳᠦ ᠬᠤᠪᠳᠤ ᠠᠶᠢᠮᠠᠭ ᠲᠤ ᠪᠣᠯᠵᠤ ᠪᠠᠶᠢᠨ᠎ᠡ᠃ ᠤᠷᠤᠯᠳᠤᠭᠠᠨ ᠢ ᠬᠤᠪᠳᠤ ᠠᠶᠢᠮᠠᠭ ᠤᠨ  ᠢᠷᠭᠡᠳ ᠤᠨ ᠲᠥᠯᠥᠭᠡᠯᠡᠭᠴᠢᠳ ᠤᠨ ᠬᠤᠷᠠᠯ  ᠤᠨ ᠳᠠᠷᠤᠭ᠎ᠠ ᠬ᠋᠊ · ᠫᠦᠷᠪᠦᠭᠠᠨᠳᠢ ᠶᠢᠨ ᠢᠪᠡᠭᠡᠯ ᠳ᠋ᠤᠷ ᠵᠣᠬᠢᠶᠠᠨ ᠪᠠᠶᠢᠭᠤᠯᠤᠭᠰᠠᠨ ᠢᠶᠠᠷ ᠢᠶᠠᠨ ᠣᠨᠴᠠᠯᠢᠭ ᠲᠠᠢ᠃
ᠪᠠᠷᠠᠭᠤᠨ ᠪᠦᠰᠡ ᠳᠤ 500 ᠭᠠᠷᠦᠢ ᠬᠡᠦᠬᠡᠳ ᠲᠡᠬᠦᠯᠳᠡᠷ ᠬᠤᠭᠤᠷ ᠬᠥᠭᠵᠢᠮ ᠤᠨ ᠰᠤᠷᠭᠠᠯᠲᠠ ᠶᠢᠨ ᠲᠥᠪ᠂ ᠳᠤᠭᠤᠶᠢᠯᠠᠩ ᠳᠤ ᠢᠳᠡᠪᠬᠢᠲᠡᠢ ᠬᠢᠴᠢᠶᠡᠯᠯᠡᠵᠦ ᠪᠠᠶᠢᠭ᠎ᠠ ᠰᠤᠳᠤᠯᠭ᠎ᠠ ᠭᠠᠷᠴᠠᠢ᠃ ᠡᠶᠢᠮᠦ ᠠᠴᠠ ᠲᠡᠬᠦᠯᠳᠡᠷ ᠬᠤᠭᠤᠷ ᠬᠥᠭᠵᠢᠮ ᠢᠶᠠᠷ  ᠬᠢᠴᠢᠶᠡᠯᠯᠡᠭᠰᠡᠳ ᠤᠨ ᠤᠷ᠎ᠠ ᠴᠢᠳᠠᠪᠤᠷᠢ ᠶᠢ ᠰᠤᠷᠢᠬᠤ᠂ ᠬᠠᠷᠢᠯᠴᠠᠨ ᠲᠤᠷᠰᠢᠯᠭ᠎ᠠ ᠰᠤᠳᠤᠯᠬᠤ᠂ ᠳᠡᠯᠡᠬᠡᠢ ᠶᠢᠨ ᠰᠣᠩᠭᠤᠳᠠᠭ ᠬᠥᠭᠵᠢᠮ ᠢᠶᠠᠷ ᠳᠠᠮᠵᠢᠭᠤᠯᠤᠨ ᠬᠡᠦᠬᠡᠳ ᠪᠠᠭᠠᠴᠤᠳ ᠤᠨ ᠳᠣᠲᠤᠭᠠᠳᠤ ᠮᠡᠳᠡᠷᠡᠮᠵᠢ ᠶᠢ ᠬᠥᠭᠵᠢᠭᠦᠯᠬᠦ ᠵᠣᠷᠢᠯᠭ᠎ᠠ ᠪᠠᠷ  ᠡᠨᠡ ᠬᠦ ᠲᠡᠮᠡᠴᠡᠭᠡᠨ ᠤᠷᠤᠯᠳᠤᠭᠠᠨ ᠢ ︽Seven melodies of music︾ ᠲᠡᠬᠦᠯᠳᠡᠷ ᠬᠤᠭᠤᠷ ᠬᠥᠭᠵᠢᠮ ᠤᠨ ᠰᠤᠷᠭᠠᠯᠲᠠ ᠶᠢᠨ ᠲᠥᠪ ᠠᠴᠠ ᠠᠩᠬᠠᠯᠠᠨ ᠰᠠᠨᠠᠭᠠᠴᠢᠯᠠᠵᠤ ᠪᠠᠶᠢᠵᠠᠢ᠃ ᠤᠯᠠᠮ ᠢᠶᠠᠷ ᠭᠤᠷᠪᠠᠳᠠᠬᠢ ᠤᠳᠠᠭ᠎ᠠ ᠪᠠᠨ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠵᠤ ᠪᠤᠶ ︽ᠠᠪᠢᠶᠠᠰᠯᠢᠭ ᠬᠥᠭᠵᠢᠮᠴᠢᠨ︾ ᠲᠡᠬᠦᠯᠳᠡᠷ ᠬᠤᠭᠤᠷ ᠤᠨ ᠤᠷᠤᠯᠳᠤᠭᠠᠨ ᠳᠤ ᠡᠳᠦᠭᠡ ᠬᠤᠪᠳᠤ᠂ ᠭᠤᠪᠢ ᠠᠯᠲᠠᠢ᠂ ᠪᠠᠶᠠᠨ ᠥᠯᠥᠭᠡᠶ ᠠᠶᠢᠮᠠᠭ ᠠᠴᠠ ᠳᠥᠷᠪᠡᠨ ᠨᠠᠰᠤᠨ ᠤ ᠠᠩᠭᠢᠯᠠᠯ ᠤᠨ ᠳᠠᠭᠠᠤ 70 ᠭᠠᠷᠦᠢ ᠬᠡᠦᠬᠡᠳ ᠣᠷᠣᠯᠴᠠᠵᠤ᠂ ᠠᠪᠢᠶᠠᠰ᠂ ᠤᠷ᠎ᠠ ᠴᠢᠳᠠᠪᠤᠷᠢ ᠪᠠᠨ ᠰᠣᠷᠢᠨ ᠥᠷᠢᠰᠦᠯᠳᠦᠵᠦ ᠪᠠᠶᠢᠨ᠎ᠡ᠃

ᠰᠡᠳᠬᠢᠭᠳᠡᠯ ᠦᠯᠡᠳᠡᠭᠡᠬᠦ