1127 ᠬᠡᠦᠬᠡᠳ ᠮᠦᠽᠧᠶ᠂ ᠥᠪ ᠰᠣᠶᠤᠯ ᠤᠨ ᠬᠦᠷᠢᠶᠡᠯᠡᠩ ᠢᠶᠠᠷ ᠵᠣᠴᠢᠯᠠᠵᠠᠢ | News.MN

1127 ᠬᠡᠦᠬᠡᠳ ᠮᠦᠽᠧᠶ᠂ ᠥᠪ ᠰᠣᠶᠤᠯ ᠤᠨ ᠬᠦᠷᠢᠶᠡᠯᠡᠩ ᠢᠶᠠᠷ ᠵᠣᠴᠢᠯᠠᠵᠠᠢ

ᠬᠤᠪᠳᠤ ᠠᠶᠢᠮᠠᠭ ᠤᠨ ᠮᠦᠽᠧᠶ ᠨᠢ︽ᠮᠦᠽᠧᠢ ᠶᠢᠨ ᠲᠤᠬᠠᠶ︾ᠬᠠᠤᠯᠢ ᠶᠢᠨ 9.1 ᠳ᠋ᠦ᠋ᠭᠡᠷ ᠵᠢᠭᠠᠯᠲᠠ ᠶᠢᠨ ᠳᠠᠭᠠᠤ ᠬᠡᠦᠬᠡᠳ ᠪᠠᠭᠠᠴᠤᠳ ᠲᠤ ᠦᠨ᠎ᠡ ᠲᠥᠯᠦᠪᠦᠷᠢ ᠦᠭᠡᠢ ᠦᠢᠯᠡᠴᠢᠯᠡᠵᠦ ᠪᠠᠶᠢᠨ᠎ᠡ᠃ ᠡᠨᠡ ᠬᠦᠷᠢᠶᠡᠨ ᠳᠤ 2022 ᠣᠨ ᠤ ᠨᠢᠭᠡᠳᠦᠭᠡᠷ ᠤᠯᠠᠷᠢᠯ ᠤᠨ ᠪᠠᠶᠢᠳᠠᠯ ᠢᠶᠠᠷ ᠮᠦᠽᠧᠶ ᠪᠤᠯᠦᠠ ᠥᠪ ᠰᠣᠶᠤᠯ ᠤᠨ ᠬᠦᠷᠢᠶᠡᠯᠡᠩ ᠢᠶᠠᠷ ᠨᠡᠶᠢᠲᠡ 1127 ᠬᠡᠦᠬᠡᠳ ᠪᠠᠭᠠᠴᠤᠳ ᠵᠣᠴᠢᠯᠠᠵᠤ᠂  ᠲᠡᠦᠬᠡ᠂ ᠥᠪ ᠰᠣᠶᠤᠯ ᠤᠨ ᠲᠠᠯ᠎ᠠ ᠪᠠᠷ ᠬᠢ ᠮᠡᠳᠡᠯᠭᠡ ᠪᠠᠨ ᠨᠡᠮᠡᠭᠳᠡᠭᠦᠯᠦᠯ᠎ᠡ᠃ ᠮᠦᠠ ᠮᠦᠽᠧᠢ ᠶᠢᠨ ᠣᠯᠠᠨ ᠨᠡᠶᠢᠲᠡ᠂ ᠪᠣᠯᠪᠠᠰᠤᠷᠠᠯ ᠤᠨ ᠬᠦᠲᠦᠯᠪᠦᠷᠢ ᠳᠦ ᠬᠠᠮᠤᠷᠤᠭᠳᠠᠵᠤ᠂ ᠰᠣᠶᠤᠯ ᠤᠨ ᠦᠢᠯᠡᠴᠢᠯᠡᠭᠡ ᠠᠪᠤᠭᠰᠠᠨ ᠪᠠᠶᠢᠨ᠎ᠡ᠃
ᠬᠤᠪᠳᠤ ᠠᠶᠢᠮᠠᠭ ᠤᠨ ᠴᠢᠨᠳᠠᠮᠤᠨᠢ ᠰᠤᠮᠤ ᠶᠢᠨ ᠶᠡᠷᠦᠩᠬᠡᠶ ᠪᠣᠯᠪᠠᠰᠤᠷᠠᠯ ᠤᠨ ᠰᠤᠷᠭᠠᠭᠤᠯᠢ ᠶᠢᠨ ᠪ∙ᠤᠶᠤᠡᠡᠷᠳᠡᠨᠢ ᠪᠠᠭᠰᠢ ᠲᠠᠢ 4 B ᠠᠩᠭᠢ ᠶᠢᠨ ᠬᠢᠨ ᠬᠤᠪᠳᠤ ᠠᠶᠢᠮᠠᠭ ᠲᠠᠢ ᠲᠠᠨᠢᠯᠴᠠᠬᠤ ᠠᠶᠠᠯᠠᠯ ᠤᠨ ᠢᠶᠠᠨ ᠬᠦᠷᠢᠶᠡᠨ ᠳᠤ ᠮᠦᠽᠧᠶ ᠪᠤᠯᠦᠠ ᠥᠪ ᠰᠣᠶᠤᠯ ᠤᠨ ᠬᠦᠷᠢᠶᠡᠯᠡᠩ ᠢᠶᠠᠷ ᠥᠨᠥᠳᠥᠷ ᠵᠣᠴᠢᠯᠠᠯ᠎ᠠ᠃ ᠡᠨᠡ ᠦᠶ᠎ᠡ ᠪᠠᠷ ᠨᠤᠲᠤᠭ ᠤᠨ ᠣᠨᠴᠠᠯᠢᠭ᠂ ᠤᠷᠠᠯᠢᠭ ᠤᠨ ᠨᠢᠭᠡᠨ ᠲᠥᠷᠥᠯ ᠪᠣᠯᠬᠤ ᠬᠥᠭᠡᠮᠢ ᠶᠢᠨ ᠭᠠᠷᠤᠯ ᠡᠭᠦᠰᠦᠯ᠂ ᠬᠥᠭᠵᠢᠯ ᠤᠨ ᠲᠠᠯ᠎ᠠ ᠪᠠᠷ ᠮᠡᠳᠡᠭᠡᠯᠡᠯ ᠥᠭᠴᠦ᠂ ᠬᠡᠦᠬᠡᠳ ᠤᠳ ᠤᠨ ᠰᠠᠨᠠᠯ ᠪᠣᠳᠣᠯ ᠢ ᠰᠣᠨᠣᠰᠪᠠ᠃ ᠲᠡᠳᠡᠨ ᠤ ᠳᠤᠮᠳᠠ ᠠᠴᠠ ᠠᠩᠬᠠᠯᠠᠨ ᠰᠤᠷᠤᠯᠴᠠᠬᠤ ᠪᠠᠶᠢᠭ᠎ᠠ ᠰᠤᠷᠤᠭᠴᠢᠳ ᠬᠥᠭᠡᠮᠶᠢᠯᠡᠵᠦ ᠦᠵᠡᠭᠦᠯᠦᠭᠰᠡᠨ ᠪᠠ ᠰᠣᠶᠤᠯ ᠤᠨ ᠪᠡᠶᠡᠲᠦ ᠪᠤᠰᠤ ᠥᠪ ᠢ ᠪᠠᠭ᠎ᠠ ᠠᠴᠠ ᠪᠠᠨ ᠰᠤᠷᠤᠯᠴᠠᠬᠤ᠂ ᠥᠪᠯᠡᠨ ᠤᠯᠠᠮᠵᠢᠯᠠᠵᠤ ᠪᠠᠢᠭ᠎ᠠ ᠳᠤ ᠮᠦᠽᠧᠢ ᠶᠢᠨ ᠬᠠᠮᠲᠤ ᠣᠯᠠᠨ ᠲᠠᠯᠠᠷᠬᠠᠯ ᠲᠠᠢ ᠪᠠᠶᠢᠭ᠎ᠠ ᠪᠠᠨ  ᠢᠯᠡᠷᠬᠡᠢᠯᠡᠯ᠎ᠡ᠃

ᠰᠡᠳᠬᠢᠭᠳᠡᠯ ᠦᠯᠡᠳᠡᠭᠡᠬᠦ