ᠬᠦᠨᠡᠰᠦᠨ ᠤ ᠨᠤᠭᠤᠭ᠎ᠠ ᠲᠠᠷᠢᠶᠠᠯᠠᠭᠴᠢᠳ ᠲᠤ ᠭᠤᠷᠪᠠᠨ ᠬᠤᠪᠢ ᠶᠢᠨ ᠬᠦᠦ ᠲᠠᠢ ᠵᠢᠭᠡᠯᠡ ᠣᠯᠭᠤᠨ᠎ᠠ | News.MN

ᠬᠦᠨᠡᠰᠦᠨ ᠤ ᠨᠤᠭᠤᠭ᠎ᠠ ᠲᠠᠷᠢᠶᠠᠯᠠᠭᠴᠢᠳ ᠲᠤ ᠭᠤᠷᠪᠠᠨ ᠬᠤᠪᠢ ᠶᠢᠨ ᠬᠦᠦ ᠲᠠᠢ ᠵᠢᠭᠡᠯᠡ ᠣᠯᠭᠤᠨ᠎ᠠ

ᠤᠯᠤᠰ ᠤᠨ ᠶᠡᠭᠡ ᠬᠤᠷᠠᠯ  ᠤᠨ ᠴᠢᠭᠤᠯᠭᠠᠨ ᠤ ᠬᠤᠷᠠᠯᠳᠤᠭᠠᠨ ᠢᠶᠠᠷ ᠲᠥᠰᠦᠪ ᠤᠨ ᠲᠣᠳᠤᠳᠬᠠᠯ ᠤᠨ ᠳᠠᠭᠠᠯᠳᠤᠬᠤ ᠬᠠᠤᠯᠢ ᠨᠤᠭᠤᠳ ᠢ ᠬᠡᠯᠡᠯᠴᠡᠵᠦ ᠪᠠᠶᠢᠨ᠎ᠡ᠃ ᠵ᠊ ·ᠪᠠᠲᠤᠵᠢᠷᠭᠠᠯ ᠭᠡᠰᠢᠭᠦᠨ᠄ ᠭᠤᠣᠯ ᠨᠡᠷ᠎ᠡ ᠶᠢᠨ ᠪᠠᠷᠠᠭ᠎ᠠ ᠪᠦᠲᠦᠭᠡᠭᠳᠡᠬᠦᠨ ᠤ ᠦᠨ᠎ᠡ ᠶᠢᠨ ᠥᠰᠦᠯᠲᠡ᠂  ᠬᠤᠮᠰᠠᠳᠠᠯ ᠠᠴᠠ ᠤᠷᠢᠳᠴᠢᠯᠠᠨ ᠰᠡᠷᠭᠡᠶᠢᠯᠡᠬᠦ ᠵᠣᠷᠢᠯᠭ᠎ᠠ ᠪᠠᠷ ᠲᠣᠳᠤᠷᠬᠠᠶ ᠠᠷᠭ᠎ᠠ ᠭᠡᠮᠵᠢᠶ᠎ᠠ ᠠᠪᠴᠤ ᠪᠠᠶᠢᠭ᠎ᠠ᠃ ᠮᠦᠠ 10 ᠶᠡᠭᠡ ᠨᠠᠶᠤᠳ ᠤᠨ ᠬᠥᠲᠥᠯᠪᠦᠷᠢ ᠶᠢᠨ ᠬᠦᠷᠢᠶᠡᠨ ᠳᠤ ᠬᠥᠳᠡᠭᠡ ᠠᠵᠤ ᠠᠬᠤᠢ ᠶᠢᠨ ᠰᠠᠯᠪᠤᠷᠢ ᠤᠷᠤᠭᠤ ᠴᠢᠭᠯᠡᠭᠰᠡᠨ  ᠵᠢᠭᠡᠯᠡᠯᠭᠡ ᠶᠢᠨ ᠪᠦᠲᠦᠭᠡᠭᠳᠡᠬᠦᠨ ᠭᠠᠷᠭᠠᠵᠤ ᠪᠠᠶᠢᠭ᠎ᠠ᠃ ᠭᠠᠵᠠᠷ ᠲᠠᠷᠢᠶᠠᠯᠠᠩ ᠤᠨ ᠰᠠᠯᠪᠤᠷᠢ ᠶᠢᠨ ᠵᠢᠭᠡᠯᠡ ᠡᠵᠡᠳ ᠲᠡᠭᠡᠨ ᠣᠴᠢᠬᠤ ᠦᠭᠡᠢ᠂ ᠠᠪᠬᠤ ᠳᠤ ᠨᠡᠯᠢᠶᠡᠦᠠ ᠲᠦᠪᠡᠭᠳᠡᠢ ᠪᠠᠶᠢᠨ᠎ᠡ᠃ ᠡᠭᠦᠨ ᠢ ᠲᠥᠷᠦ ᠶᠢᠨ ᠪᠠᠩᠬᠢᠨ ᠠᠴᠠ ᠲᠣᠳᠣᠷᠠᠭᠤᠯᠤᠶ᠎ᠠ᠃
ᠲᠥᠷᠦ ᠶᠢᠨ ᠪᠠᠩᠬᠢᠨ ᠤ ᠭᠦᠢᠴᠡᠳᠬᠡᠬᠦ ᠵᠠᠬᠢᠷᠤᠯ ᠥ᠊·ᠭᠠᠩᠲ᠋ᠦ᠋ᠷᠦ᠄ 10 ᠶᠡᠭᠡ ᠨᠠᠶᠤᠳ ᠤᠨ ᠬᠦᠲᠦᠯᠪᠦᠷᠢ ᠳᠤ ᠮᠠᠨ ᠤ ᠪᠠᠩᠬᠢ ᠪᠤᠰᠤᠳ ᠪᠠᠩᠬᠢ ᠨᠤᠭᠤᠳ ᠲᠠᠢ ᠬᠠᠮᠲᠤᠷᠠᠵᠤ ᠣᠷᠣᠯᠴᠠᠭᠰᠠᠨ᠃ ᠨᠡᠶᠢᠲᠡ 8700 ᠭᠠᠷᠦᠢ ᠢᠷᠭᠡᠠ᠂ ᠠᠵᠤ ᠠᠬᠤᠢ ᠶᠢᠨ ᠨᠢᠭᠡᠴᠢ ᠳᠤ 441.8 ᠲᠡᠷᠪᠤᠮ ᠲᠥᠭᠦᠷᠢᠭ ᠤᠨ ᠵᠢᠭᠡᠯᠡ ᠣᠯᠭᠤᠭᠰᠠᠨ᠃ ᠡᠭᠦᠨ ᠳᠣᠲᠣᠷ᠎ᠠ ᠬᠥᠳᠡᠭᠡ ᠠᠵᠤ ᠠᠬᠤᠢ ᠶᠢ ᠳᠡᠮᠵᠢᠬᠦ ᠴᠢᠭᠯᠡᠯ ᠢᠶᠠᠷ 98.3 ᠲᠡᠷᠪᠤᠮ ᠲᠥᠭᠦᠷᠢᠭ ᠤᠨ ᠵᠢᠭᠡᠯᠡ ᠭᠠᠷᠭᠠᠭᠰᠠᠨ᠃ ᠰᠡᠭᠦᠯ ᠳᠤ ᠬᠦᠨᠡᠰᠦ ᠬᠦᠳᠡᠭᠡ ᠠᠵᠤ ᠠᠬᠤᠢ ᠬᠦᠩᠭᠡᠨ ᠦᠢᠯᠡᠳᠪᠤᠷᠢ ᠶᠢᠨ ᠶᠠᠮᠤᠨ ᠲᠠᠢ ᠲᠣᠬᠢᠷᠠᠯᠴᠠᠭᠠᠨ ᠤ ᠦᠨᠳᠦᠰᠦᠨ ᠳᠡᠭᠡᠷ᠎ᠡ 20 ᠲᠡᠷᠪᠤᠮ ᠲᠥᠭᠦᠷᠢᠭ ᠤᠨ ᠵᠢᠭᠡᠯᠡ ᠭᠠᠷᠭᠠᠬᠤ ᠪᠠᠷ ᠵᠢᠷᠤᠮ ᠳᠠᠭᠠᠨ ᠥᠭᠡᠷᠡᠴᠢᠯᠡᠯᠲᠡ ᠣᠷᠣᠭᠤᠯᠤᠭᠠᠳ ᠶᠠᠪᠤᠵᠤ ᠪᠠᠶᠢᠨ᠎ᠡ᠃

ᠰᠡᠳᠬᠢᠭᠳᠡᠯ ᠦᠯᠡᠳᠡᠭᠡᠬᠦ