《13 ᠳ᠋ᠤᠭᠠᠷ ᠵᠠᠭᠤᠨ》 ᠦᠵᠡᠰᠬᠦᠯᠡᠩ  ᠭᠠᠷᠴᠤ ᠪᠠᠢᠨ᠎ᠠ | News.MN

《13 ᠳ᠋ᠤᠭᠠᠷ ᠵᠠᠭᠤᠨ》 ᠦᠵᠡᠰᠬᠦᠯᠡᠩ  ᠭᠠᠷᠴᠤ ᠪᠠᠢᠨ᠎ᠠ

ᠳᠣᠷᠣᠨᠠᠭᠣᠪᠢ ᠠᠶᠢᠮᠠᠭ ᠤᠨ ᠰᠤᠶᠤᠯ ᠤᠷᠠᠯᠢᠭ ᠤᠨ ᠭᠠᠵᠠᠷ ᠠᠴᠠ ᠵᠠᠷᠯᠠᠭᠰᠠᠨ 《ᠰᠤᠶᠤᠯ ᠤᠷᠠᠯᠢᠭ ᠢᠶᠠᠨ ᠳᠡᠭᠡᠳᠦᠯᠡᠨ ᠳᠡᠮᠵᠢᠵᠡᠭᠡᠶ᠎ᠡ》 ᠠᠶᠠᠨ ᠤ ᠬᠦᠷᠢᠶᠡᠨ ᠳᠦ ᠠᠶᠢᠮᠠᠭ ᠤᠨ ᠮᠦᠽᠧᠢ᠂ ᠰᠤᠷᠭᠠᠯᠲᠠ ᠰᠤᠳᠤᠯᠭᠠᠨ ᠤ ᠲᠥᠪ ᠨᠢ《ᠮᠦᠽᠧᠢ ᠲᠡᠢ ᠳᠣᠷᠣᠨᠠᠭᠣᠪᠢ》 ᠠᠶᠠᠨ ᠢ ᠡᠨᠡ ᠣᠨ ᠤ ᠳᠥᠷᠪᠡᠳᠦᠭᠡᠷ ᠰᠠᠷ᠎ᠠ ᠶᠢᠨ 20  ᠡᠴᠡ ᠡᠬᠢᠯᠡᠵᠦ ᠰᠠᠷ᠎ᠠ ᠶᠢᠨ ᠬᠤᠭᠤᠴᠠᠭ᠎ᠠ ᠲᠠᠢ ᠵᠣᠬᠢᠶᠠᠨ ᠪᠠᠶᠢᠭᠤᠯᠵᠤ ᠪᠠᠶᠢᠨ᠎ᠠ᠃
ᠠᠶᠠᠨ ᠤ ᠨᠡᠭᠡᠭᠡᠯᠲᠡ ᠶᠢ 《13 ᠳ᠋ᠤᠭᠠᠷ ᠵᠠᠭᠤᠨ》 ᠦᠵᠡᠰᠬᠦᠯᠡᠩ ᠢᠶᠡᠷ ᠳᠥᠷᠪᠡᠳᠦᠭᠡᠷ ᠰᠠᠷ᠎ᠠ ᠶᠢᠨ 20  ᠳᠦ ᠣᠯᠠᠨ ᠤ ᠬᠦᠷᠲᠡᠭᠡᠯ ᠪᠣᠯᠭᠠᠪᠠ᠃ ᠦᠵᠡᠰᠬᠦᠯᠡᠩ ᠳᠦ ᠮᠦᠽᠧᠢ᠂ ᠰᠤᠷᠭᠠᠯᠲᠠ ᠰᠤᠳᠤᠯᠭᠠᠨ ᠤ ᠲᠥᠪ  ᠦᠨ ᠰᠠᠩ ᠬᠥᠮᠥᠷᠭᠡ ᠳᠦ ᠬᠠᠳᠠᠭᠠᠯᠠᠭᠳᠠᠵᠤ ᠪᠤᠢ ᠴᠢᠩᠭᠢᠰ ᠬᠠᠭᠠᠨ ᠤ ᠬᠠᠩᠭᠠᠯ  ᠡᠬᠡᠲᠦ ᠴᠠᠭᠠᠨ ᠲᠤᠭ᠂ ᠳᠠᠯᠠᠨᠵᠢᠷᠭᠠᠯᠠᠩ ᠰᠤᠮᠤ ᠶᠢᠨ ᠨᠠᠷᠠᠲᠤ ᠶᠢᠨ ᠬᠠᠳᠠᠨ ᠠᠴᠠ ᠣᠯᠳᠠᠭᠰᠠᠨ ᠬᠠᠳᠠᠮᠠᠯ ᠱᠠᠷᠢᠯ᠂ ᠮᠦᠽᠧᠢ ᠶᠢᠨ ᠬᠣᠣᠰ ᠦᠭᠡᠢ ᠦᠨᠡᠲᠦ ᠦᠵᠡᠮᠦᠷᠢ ᠪᠤᠶᠤ ᠳᠠᠭᠠᠯᠳᠤᠭᠤᠯᠵᠤ ᠲᠠᠯᠪᠢᠭᠰᠠᠨ ᠡᠪᠦᠯ᠂ ᠵᠤᠨ ᠤ ᠭᠤᠷᠪᠠᠨ ᠳᠡᠪᠡᠯ ᠪᠣᠯᠤᠨ ᠪᠤᠰᠤᠳ ᠦᠨᠡᠲᠦ ᠦᠵᠡᠮᠦᠷᠢ ᠨᠦᠭᠦᠳ ᠢᠶᠡᠨ ᠳᠡᠯᠭᠡᠨ ᠲᠣᠯᠢᠯᠠᠭᠤᠯᠤᠯ᠎ᠠ᠃

ᠰᠡᠳᠬᠢᠭᠳᠡᠯ ᠦᠯᠡᠳᠡᠭᠡᠬᠦ