ᠪᠠᠶᠠᠨᠬᠣᠩᠭᠣᠷ ᠠᠶᠢᠮᠠᠭ ᠲᠤ ᠮᠥᠨᠳᠥᠷ ᠣᠷᠣᠵᠤ᠂ ᠠᠶᠤᠩᠭ᠎ᠠ ᠪᠠᠭᠤᠴᠠᠢ | News.MN

ᠪᠠᠶᠠᠨᠬᠣᠩᠭᠣᠷ ᠠᠶᠢᠮᠠᠭ ᠲᠤ ᠮᠥᠨᠳᠥᠷ ᠣᠷᠣᠵᠤ᠂ ᠠᠶᠤᠩᠭ᠎ᠠ ᠪᠠᠭᠤᠴᠠᠢ

ᠪᠠᠶᠠᠨᠬᠣᠩᠭᠣᠷ ᠠᠶᠢᠮᠠᠭ ᠤᠨ ᠵᠢᠩᠰᠡᠲᠦ ᠰᠤᠮᠤ ᠶᠢᠨ ᠪᠣᠳᠢ ᠲᠠᠪᠤᠳᠤᠭᠠᠷ ᠪᠠᠭ ᠲᠤ 04 ᠳ᠋ᠤᠭᠠᠷ ᠰᠠᠷ᠎ᠠ ᠶᠢᠨ 20 ᠳᠦ ᠮᠥᠨᠳᠥᠷ  ᠤᠷᠤᠵᠤ᠂ ᠰᠤᠮᠤ ᠶᠢᠨ ᠠᠭᠤᠷ ᠤᠨ ᠵᠤᠤᠬᠠᠨ ᠳᠡᠭᠡᠷ᠎ᠡ ᠠᠶᠤᠩᠭ᠎ᠠ ᠪᠠᠭᠤᠭᠰᠠᠨ ᠲᠤᠬᠠᠢ ᠮᠡᠳᠡᠭᠡᠯᠡᠯ ᠢ 15᠄40 ᠴᠠᠭ ᠲᠤ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠬᠦᠯᠢᠶᠡᠨ ᠠᠪᠴᠠᠢ᠃
ᠰᠤᠷᠪᠤᠯᠵᠢᠯᠠᠭᠴᠢ ᠲᠤᠰ ᠠᠶᠢᠮᠠᠭ ᠤᠨ ᠣᠨᠴᠠᠭᠠᠢ ᠪᠠᠶᠢᠳᠠᠯ ᠤᠨ ᠭᠠᠵᠠᠷ ᠢᠶᠠᠷ ᠳᠠᠮᠵᠢᠭᠤᠯᠤᠨ ᠰᠤᠮᠤ ᠶᠢᠨ ᠠᠭᠤᠷ ᠤᠨ ᠵᠤᠤᠬ᠎ᠠ᠂ ᠳᠤᠯᠠᠭᠠᠨ ᠤ ᠱᠤᠭᠤᠮ ᠤᠨ ᠦᠢᠯᠡ ᠠᠵᠢᠯᠯᠠᠭ᠎ᠠ ᠶᠢ ᠶᠠᠪᠤᠭᠤᠯᠳᠠᠭ 《ᠪᠠᠷᠢᠯᠭ᠎ᠠ ᠶᠢᠨ ᠰᠲ᠋ᠠᠨᠳᠠᠷᠲ ᠤᠨ ᠲᠥᠪᠰᠢᠨ ᠬᠣᠩᠭᠣᠷ》ᠺᠤᠮᠫᠠᠨᠢ ᠶᠢᠨ ᠮᠧᠬᠠᠨᠢᠭᠴᠢ ᠲᠠᠢ ᠬᠣᠯᠪᠣᠭᠳᠠᠵᠤ᠂ ᠮᠡᠳᠡᠭᠡᠯᠡᠯ ᠠᠪᠬᠤ ᠳᠤ ᠠᠭᠤᠷ ᠤᠨ ᠵᠤᠤᠬᠠᠨ ᠳᠤ ᠪᠠᠭ᠎ᠠ ᠵᠡᠷᠭᠡ ᠶᠢᠨ ᠭᠡᠮᠲᠦᠯ ᠭᠠᠷᠤᠭᠰᠠᠨ᠂ ᠥᠭᠡᠷ᠎ᠡ ᠤᠴᠠᠷᠠᠭᠰᠠᠨ ᠬᠣᠬᠢᠷᠠᠯ ᠦᠭᠡᠢ ᠲᠤᠬᠠᠢ ᠮᠡᠳᠡᠭᠡᠯᠡᠯ ᠢ ᠥᠭᠭᠦᠭᠰᠡᠨ᠃

ᠰᠡᠳᠬᠢᠭᠳᠡᠯ ᠦᠯᠡᠳᠡᠭᠡᠬᠦ