ᠲᠦᠢᠮᠡᠷ ᠢ ᠤᠨᠲᠠᠷᠠᠭᠠᠵᠤ ᠴᠢᠳᠠᠭ᠎ᠠ ᠦᠭᠡᠢ ᠪᠠᠶᠢᠨ᠎ᠠ | News.MN

ᠲᠦᠢᠮᠡᠷ ᠢ ᠤᠨᠲᠠᠷᠠᠭᠠᠵᠤ ᠴᠢᠳᠠᠭ᠎ᠠ ᠦᠭᠡᠢ ᠪᠠᠶᠢᠨ᠎ᠠ

ᠳᠦᠷᠪᠡᠳᠦᠭᠡᠷ ᠰᠠᠷ᠎ᠠ ᠶᠢᠨ ᠠᠷᠪᠠᠨ ᠨᠠᠢ᠌ᠮᠠᠨ ᠤ 23.00 ᠴᠠᠭ ᠤᠨ ᠣᠷᠴᠢᠮ ᠳᠤ ᠰᠦᠬᠡᠪᠠᠭᠠᠲᠤᠷ ᠠᠢᠮᠠᠭ ᠤᠨ ᠳᠠᠷᠢᠭᠠᠩᠭ᠎ᠠ ᠰᠤᠮᠤ ᠶᠢᠨ ᠰᠡᠨᠵᠢᠲᠦ ᠭᠡᠳᠡᠭ ᠭᠠᠵᠠᠷ ᠠᠴᠠ ᠭᠠᠷᠤᠭᠰᠠᠨ ᠲᠦᠢᠮᠡᠷ ᠢ ᠥᠨᠥ ᠥᠷᠯᠥᠭᠡᠨ ᠦ 8.00 ᠴᠠᠭ ᠤᠨ ᠪᠠᠶᠢᠳᠠᠯ ᠢᠶᠠᠷ ᠤᠨᠲᠠᠷᠠᠭᠠᠵᠤ ᠴᠢᠳᠠᠭ᠎ᠠ ᠦᠭᠡᠢ᠂ ᠲᠦᠢᠮᠡᠷ ᠡᠷᠳᠡᠨᠢᠴᠠᠭᠠᠨ ᠰᠤᠮᠤ ᠶᠢᠨ ᠨᠤᠲᠤᠭ ᠲᠤ ᠠᠰᠠᠵᠤ ᠪᠠᠶᠢᠨ᠎ᠠ ᠭᠡᠵᠦ ᠠᠶᠢᠮᠠᠭ ᠤᠨ ᠤᠨᠴᠠᠭᠠᠢ ᠪᠠᠢᠳᠠᠯ ᠤᠨ ᠭᠠᠵᠠᠷ ᠠᠴᠠ  ᠮᠡᠳᠡᠭᠡᠯᠡᠪᠡ᠃ ᠴᠠᠭ ᠠᠭᠠᠷ ᠤᠨ ᠨᠥᠬᠥᠴᠡᠯ ᠬᠦᠨᠳᠦ᠂ ᠰᠠᠯᠬᠢᠨ ᠤ ᠬᠤᠷᠳᠤ 12-14 m/s ᠪᠠᠶᠢᠭ᠎ᠠ ᠤᠴᠢᠷ ᠲᠦᠢᠮᠡᠷ ᠢ ᠤᠨᠲᠠᠷᠠᠭᠠᠬᠤ ᠳᠤ ᠠᠮᠠᠷ ᠦᠭᠡᠢ ᠪᠠᠶᠢᠭ᠎ᠠ ᠶᠤᠮ᠃
ᠤᠷᠢᠳᠴᠢᠯᠠᠭᠰᠠᠨ ᠮᠡᠳᠡᠭᠡ ᠪᠡᠷ ᠰᠢᠯᠢ ᠶᠢᠨ ᠪᠣᠭᠳᠠ ᠣᠷᠴᠢᠮ ᠳᠤ ᠲᠩᠷᠢ ᠲᠠᠬᠢᠬᠤ ᠵᠠᠩ ᠦᠢᠯᠡ ᠦᠢᠯᠡᠳᠴᠦ ᠪᠠᠶᠢᠭᠰᠠᠨ ᠢᠷᠭᠡᠳ ᠭᠠᠯ ᠠᠯᠳᠠᠭᠰᠠᠨ ᠭᠡᠬᠦ ᠮᠡᠳᠡᠭᠡᠯᠡᠯ ᠪᠠᠶᠢᠭ᠎ᠠ ᠴᠤ ᠲᠦᠢᠮᠡᠷ ᠦᠨ ᠰᠢᠯᠲᠠᠭᠠᠨ ᠨᠥᠬᠥᠴᠡᠯ ᠢ ᠡᠴᠦᠰᠯᠡᠨ ᠲᠤᠭᠲᠠᠭᠠᠭ᠎ᠠ  ᠦᠭᠡᠢ ᠪᠠᠶᠢᠭ᠎ᠠ ᠶᠤᠮ᠃ ᠡᠶᠢᠮᠦ ᠳᠦ ᠢᠷᠭᠡᠳ ᠢ ᠬᠠᠪᠤᠷ ᠤᠨ ᠬᠠᠭᠤᠷᠠᠶᠢᠰᠢᠯᠲᠠ ᠶᠢᠨ ᠡᠨᠡ ᠴᠠᠭ ᠦᠶ᠎ᠡ ᠳᠦ ᠠᠩᠬᠠᠷᠤᠯ ᠪᠣᠯᠭᠣᠮᠵᠢᠲᠠᠢ ᠪᠠᠶᠢᠵᠤ᠂ ᠰᠣᠨᠣᠷ ᠰᠡᠷᠡᠮᠵᠢ ᠪᠡᠨ ᠳᠡᠭᠡᠭᠰᠢᠯᠡᠭᠦᠯᠬᠦ ᠶᠢ ᠣᠨᠴᠠᠭᠠᠶᠢᠯᠠᠨ ᠠᠩᠬᠠᠷᠤᠭᠤᠯᠪᠠ᠃

ᠰᠡᠳᠬᠢᠭᠳᠡᠯ ᠦᠯᠡᠳᠡᠭᠡᠬᠦ