Team IHC ᠪᠠᠭ CS᠄ GO  ᠤᠨ ᠳᠡᠯᠡᠬᠡᠢ ᠶᠢᠨ ᠠᠪᠤᠷᠭᠤ ᠳᠤ ᠣᠷᠣᠯᠴᠠᠨ᠎ᠠ | News.MN

Team IHC ᠪᠠᠭ CS᠄ GO  ᠤᠨ ᠳᠡᠯᠡᠬᠡᠢ ᠶᠢᠨ ᠠᠪᠤᠷᠭᠤ ᠳᠤ ᠣᠷᠣᠯᠴᠠᠨ᠎ᠠ

E ᠰᠫᠣᠷᠲ ᠤᠨ ᠬᠠᠮᠤᠬ ᠤᠨ ᠲᠣᠮᠤ ᠲᠦᠯᠦᠭᠡᠯᠡᠯ ᠤᠳ ᠤᠨ ᠨᠢᠭᠡ CS᠄ GO︵Counter -Strike᠄ Global Offensive︶ᠲᠣᠭᠯᠠᠭᠠᠮ ᠤᠨ ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠭᠡᠵᠦ ᠪᠣᠯᠬᠤᠶᠢᠴᠠ ᠬᠠᠮᠤᠬ ᠤᠨ ᠨᠡᠷ᠎ᠡ ᠬᠦᠨᠳᠦᠲᠡᠢ᠂ ᠬᠠᠮᠤᠬ ᠤᠨ ᠦᠡᠳᠦᠷ ᠱᠠᠩᠨᠠᠯ ᠲᠠᠢ Major Championship ᠲᠠᠪᠤᠳᠤᠭᠠᠷ ᠰᠠᠷ᠎ᠠ ᠶᠢᠨ 9  ᠳᠦ ᠡᠬᠢᠯᠡᠨ᠎ᠡ᠃ ᠲᠡᠭᠡᠪᠡᠯ ᠲᠤᠰ ᠲᠡᠮᠡᠴᠡᠭᠡᠨ ᠳᠤ ᠮᠣᠩᠭᠤᠯ ᠤᠯᠤᠰ ᠤᠨ ᠲᠥᠯᠦᠭᠡᠯᠡᠯ Team IHC ᠣᠷᠣᠯᠴᠠᠬᠤ ᠪᠠᠷ ᠰᠢᠯᠭᠠᠷᠠᠵᠠᠢ᠃ Team IHC ᠠᠦ᠋ᠰᠲᠷᠠᠯᠢᠶ᠎ᠠ ᠶᠢᠨ Renegades ᠪᠠᠭ ᠢ ᠬᠤᠵᠢᠭᠰᠠᠨ ᠢᠶᠠᠷ ᠠᠽᠢᠶ᠎ᠠ ᠨᠤᠮᠦᠬᠠᠠ ᠳᠠᠯᠠᠢ ᠶᠢᠨ ᠪᠦᠰᠡ ᠪᠠᠨ ᠲᠡᠷᠢᠭᠦᠯᠡᠬᠦ ᠪᠠᠷ ᠪᠣᠯᠣᠭᠰᠠᠨ ᠪᠠᠶᠢᠨ᠎ᠡ᠃
ᠣᠳᠤ ᠪᠠᠷ ᠮᠣᠩᠭᠣᠯ ᠤᠨ ᠪᠠᠭ ᠠᠴᠠ ᠭᠠᠳᠡᠨ᠎ᠡ ᠪᠷᠠᠽᠢᠯ ᠤᠨ Mibr᠂ Imperial Esports᠂ ᠨᠢᠳᠧᠷᠯᠠᠨᠳ᠋ ᠤᠨ Team Liquid᠂ ᠠᠮᠧᠷᠢᠺᠠ ᠶᠢᠨ ComplexityGaming᠂ ᠠᠷᠭᠧᠨᠲ᠋ᠢᠨ ᠤ 9zTeam ᠪᠠᠭ ᠤᠳThe Challenger ᠱᠠᠲᠤᠨ ᠳᠤ᠂ ᠪᠷᠠᠽᠢᠯ ᠤᠨ FURIA Esports ᠪᠠᠭ Legends ᠱᠠᠲᠤᠨ ᠳᠤ ᠰᠢᠯᠭᠠᠷᠠᠭᠠᠳ ᠪᠠᠶᠢᠨ᠎ᠡ᠃ 2021 ᠣᠨ ᠤ ᠳᠡᠯᠡᠬᠡᠢ ᠶᠢᠨ ᠠᠪᠤᠷᠭᠤ ᠪᠤᠶᠤ PGL Major Stockholm 2021 ᠲᠡᠮᠡᠴᠡᠭᠡᠨ ᠳᠤ ᠦᠻᠷᠠᠶᠢᠨ  ᠤ Natus Vincere ᠪᠠᠭ ᠲᠦᠷᠦᠭᠦᠯᠡᠭᠰᠡᠨ᠃ ᠮᠣᠩᠭᠣᠯ ᠤᠨ ᠪᠠᠭ ᠤᠨ ᠬᠤᠵᠢᠭᠰᠠᠨ Renegades ᠪᠤᠯᠦᠠ Tyloo ᠪᠠᠭ ᠤᠳ ᠦᠡᠭᠭᠡᠷᠡᠭᠰᠡᠠ ᠵᠢᠯ ᠤᠨ ᠲᠡᠮᠡᠴᠡᠭᠡᠨ ᠳᠤ ᠣᠷᠣᠯᠴᠠᠵᠤ ᠪᠠᠶᠢᠪᠠ᠃

ᠰᠡᠳᠬᠢᠭᠳᠡᠯ ᠦᠯᠡᠳᠡᠭᠡᠬᠦ