ᠮᠠᠨ ᠤ ᠲᠠᠮᠢᠷᠴᠢᠳ ᠪᠣᠰᠲ᠋ᠤᠨ  ᠤ ᠮᠠᠷᠠᠹᠣᠨ ᠳᠤ ᠠᠮᠵᠢᠯᠲᠠᠲᠠᠶ ᠣᠷᠣᠯᠴᠠᠯ᠎ᠠ | News.MN

ᠮᠠᠨ ᠤ ᠲᠠᠮᠢᠷᠴᠢᠳ ᠪᠣᠰᠲ᠋ᠤᠨ  ᠤ ᠮᠠᠷᠠᠹᠣᠨ ᠳᠤ ᠠᠮᠵᠢᠯᠲᠠᠲᠠᠶ ᠣᠷᠣᠯᠴᠠᠯ᠎ᠠ

ᠡᠨᠡ ᠰᠠᠷ᠎ᠠ ᠶᠢᠨ 18  ᠳᠤ 126 ᠳ᠋ᠤᠭᠠᠷ ᠤᠳᠠᠭ᠎ᠠ ᠶᠢᠨ ᠪᠣᠰᠲ᠋ᠤᠨ ᠤ ᠮᠠᠷᠠᠹᠣᠨ ᠵᠣᠬᠢᠶᠠᠨ ᠪᠠᠶᠢᠭᠤᠯᠤᠭᠳᠠᠵᠤ 120 ᠣᠷᠣᠨ ᠤ 25 000 ᠭᠠᠷᠦᠢ ᠲᠠᠮᠢᠷᠴᠢᠳ ᠣᠷᠣᠯᠴᠠᠯ᠎ᠠ᠃ ᠮᠣᠩᠭᠤᠯ ᠤᠯᠤᠰ ᠢ ᠲᠥᠯᠥᠭᠡᠯᠡᠨ ᠢᠷᠢᠰ ᠮᠥᠩᠬᠡ᠂ ᠪ∙ᠪᠠᠲᠤᠵᠣᠷᠢᠭ᠂ ᠪ∙ᠦᠢᠯᠡᠰᠵᠠᠶᠠᠭ᠎ᠠ᠂ ᠳ᠋᠊·ᠠᠯᠢᠮ᠎ᠠ᠂ ᠡ᠊·ᠼᠡᠷᠡᠩᠨᠠᠳᠮᠢᠳ ᠵᠡᠷᠭᠡ ᠲᠠᠪᠤᠨ ᠲᠠᠮᠢᠷᠴᠢᠨ ᠣᠷᠣᠯᠴᠠᠭᠰᠠᠨ ᠪᠥᠭᠡᠳ ᠪᠦᠬᠦᠳᠠ ᠵᠠᠮ ᠢᠶᠠᠨ ᠳᠠᠭᠤᠰᠬᠠᠵᠠᠢ᠃
ᠲᠡᠮᠡᠴᠡᠭᠡᠨ ᠤ Т45/Т46 ᠠᠩᠭᠢᠯᠠᠯ ᠳᠤ ᠣᠷᠣᠯᠴᠠᠭᠰᠠᠨ ᠫᠠᠷᠠ ᠭᠦᠶᠦᠭᠴᠢ ᠪ ∙ ᠪᠠᠲᠤᠵᠣᠷᠢᠭ ᠠᠩᠭᠢᠯᠠᠯ ᠳᠤ ᠪᠠᠨ ᠬᠤᠶᠠᠳᠤᠭᠠᠷ ᠪᠠᠶᠢᠷᠢᠨ ᠳᠤ ᠣᠷᠣᠵᠤ᠂ ᠡᠯᠢᠲ ᠭᠦᠶᠦᠭᠴᠢᠳ ᠲᠠᠢ ᠬᠠᠮᠲᠤ  ᠱᠠᠩᠨᠠᠯ ᠢᠶᠠᠨ ᠬᠦᠯᠢᠶᠡᠨ ᠠᠪᠤᠭᠰᠠᠨ ᠪᠠᠶᠢᠨ᠎ᠡ᠃ ᠪᠣᠰᠲ᠋ᠤᠨ ᠤ ᠮᠠᠷᠠᠹᠣᠨ ᠳᠤ ᠣᠷᠣᠯᠴᠠᠬᠤ ᠳᠤ ᠲᠣᠳᠤᠷᠬᠠᠶ ᠴᠠᠭ ᠤᠨ ᠪᠣᠯᠵᠤᠯ ᠬᠠᠩᠭᠠᠭᠰᠠᠨ ᠪᠠᠶᠢᠬᠤ ᠶᠣᠰᠤᠲᠠᠶ ᠪᠠᠶᠢᠳᠠᠭ ᠪᠥᠭᠡᠳ ᠮᠠᠨ ᠤ ᠲᠠᠮᠢᠷᠴᠢᠳ ᠤᠨ ᠬᠤᠪᠢ ᠳᠤ ᠴᠠᠭ ᠤᠨ ᠪᠣᠯᠵᠣᠯ ᠢᠶᠠᠨ 2019᠂ 2021 ᠣᠨ ᠤ ᠭᠦᠶᠦᠯᠲᠡ ᠨᠤᠭᠦᠳ ᠲᠤ ᠬᠠᠩᠭᠠᠵᠤ ᠲᠡᠮᠡᠴᠡᠭᠡᠨ ᠳᠤ ᠤᠷᠦᠯᠴᠡᠬᠤ ᠡᠷᠬᠡ ᠪᠠᠨ ᠠᠪᠴᠠᠢ᠃

ᠰᠡᠳᠬᠢᠭᠳᠡᠯ ᠦᠯᠡᠳᠡᠭᠡᠬᠦ