ᠬᠢᠯᠢ ᠳᠠᠮᠨᠠᠭᠰᠠᠨ ᠴᠠᠭᠠᠰᠤ ᠦᠭᠡᠢ ᠭᠠᠳᠠᠭᠠᠳᠤ ᠬᠤᠳᠠᠯᠳᠤᠭ᠎ᠠ ᠶᠢ ᠬᠥᠭᠵᠢᠭᠦᠯᠦᠨ᠎ᠡ | News.MN

ᠬᠢᠯᠢ ᠳᠠᠮᠨᠠᠭᠰᠠᠨ ᠴᠠᠭᠠᠰᠤ ᠦᠭᠡᠢ ᠭᠠᠳᠠᠭᠠᠳᠤ ᠬᠤᠳᠠᠯᠳᠤᠭ᠎ᠠ ᠶᠢ ᠬᠥᠭᠵᠢᠭᠦᠯᠦᠨ᠎ᠡ

ᠭᠠᠳᠠᠭᠠᠳᠤ ᠬᠠᠷᠢᠯᠴᠠᠭᠠᠨ ᠤ ᠰᠠᠶᠢᠳ ᠪ∙ᠪᠠᠲᠤᠴᠡᠴᠡᠭ︽ᠠᠽᠢᠶ᠎ᠠ᠂ ᠨᠤᠮᠦᠬᠠᠠ ᠳᠠᠯᠠᠢ ᠶᠢᠨ ᠬᠢᠯᠢ ᠳᠠᠮᠨᠠᠭᠰᠠᠨ ᠴᠠᠭᠠᠰᠤ ᠦᠭᠡᠢ ᠬᠤᠳᠠᠯᠳᠤᠭ᠎ᠠ ᠶᠢ ᠬᠦᠡᠭᠭᠡᠪᠴᠢᠯᠡᠬᠦ ᠶᠡᠷᠦᠩᠬᠡᠶ ᠬᠡᠯᠡᠯᠴᠡᠭᠡᠷ ᠢ ᠰᠣᠶᠣᠷᠬᠠᠨ ᠪᠡᠳᠦᠯᠡᠬᠤ︾ᠲᠤᠬᠠᠶ ᠬᠠᠤᠯᠢ ᠶᠢᠨ ᠲᠥᠰᠥᠯ ᠢ ᠥᠨᠥᠳᠥᠷ  ᠤᠯᠤᠰ ᠤᠨ ᠶᠡᠭᠡ ᠬᠤᠷᠠᠯ  ᠤᠨ ᠳᠠᠷᠤᠭ᠎ᠠ ᠬ᠋᠊ ·ᠽᠠᠨᠳᠠᠨᠰᠢᠲᠠᠷ᠎ᠠ ᠲᠤ ᠡᠷᠭᠦᠨ ᠪᠠᠷᠢᠪᠠ᠃
ᠨᠤᠮᠦᠬᠠᠠ ᠳᠠᠯᠠᠢ ᠶᠢᠨ ᠬᠢᠯᠢ ᠳᠠᠮᠨᠠᠭᠰᠠᠨ ᠴᠠᠭᠠᠰᠤ ᠦᠭᠡᠢ ᠬᠤᠳᠠᠯᠳᠤᠭ᠎ᠠ ᠶᠢ ᠬᠦᠡᠭᠭᠡᠪᠴᠢᠯᠡᠬᠦ ᠲᠤᠬᠠᠶ ᠶᠡᠷᠦᠩᠬᠡᠶ ᠬᠡᠯᠡᠯᠴᠡᠭᠡᠷ︵ᠴᠢᠨᠠᠭᠰᠢᠳᠠ ︽ᠶᠡᠷᠦᠩᠬᠡᠶ ᠬᠡᠯᠡᠯᠴᠡᠭᠡᠷ︾ᠭᠡᠬᠦ︶ ᠢ 2016 ᠣᠨ ᠤ 5 ᠳ᠋ᠤᠭᠠᠷ ᠰᠠᠷ᠎ᠠ ᠶᠢᠨ 19 ᠳᠦ ᠨᠢᠭᠡᠳᠦᠭᠰᠡᠨ ᠦᠨᠳᠦᠰᠦᠲᠡᠨ ᠤ ᠪᠠᠶᠢᠭᠤᠯᠤᠯᠭ᠎ᠠ ᠶᠢᠨ ᠠᠽᠢᠶ᠎ᠠ᠂ ᠨᠤᠮᠦᠬᠠᠠ ᠳᠠᠯᠠᠢ ᠶᠢᠨ ᠡᠳ᠋ ᠤᠨ ᠵᠠᠰᠠᠭ᠂ ᠨᠡᠶᠢᠭᠡᠮ ᠤᠨ ᠺᠣᠮᠢᠰ ᠤᠨ 72 ᠳ᠋ᠤᠭᠠᠷ ᠴᠢᠭᠤᠯᠭᠠᠨ ᠢᠶᠠᠷ ᠪᠠᠲᠤᠯᠠᠭᠰᠠᠨ᠃ ᠡᠨᠡ ᠨᠢ ᠬᠢᠯᠢ ᠳᠠᠮᠨᠠᠭᠰᠠᠨ ᠴᠠᠭᠠᠰᠤ ᠦᠭᠡᠢ ᠬᠤᠳᠠᠯᠳᠤᠭ᠎ᠠ ᠶᠢ ᠬᠦᠡᠭᠭᠡᠪᠴᠢᠯᠡᠬᠦ ᠠᠩᠬᠠᠨ ᠤ ᠪᠦᠰᠡ ᠨᠤᠲᠤᠭ ᠤᠨ ᠬᠡᠯᠡᠯᠴᠡᠭᠡᠷ ᠪᠣᠯᠣᠭᠰᠠᠨ  ᠶᠤᠮ᠃
ᠡᠨᠡ ᠬᠦ ᠶᠡᠷᠦᠩᠬᠡᠶ ᠬᠡᠯᠡᠯᠴᠡᠭᠡᠷ ᠲᠤ ᠮᠣᠩᠭᠤᠯ  ᠤᠯᠤᠰ ᠨᠢᠭᠡᠳᠦᠨ ᠣᠷᠣᠭᠰᠠᠨ ᠢᠶᠠᠷ ᠡᠺᠰᠫᠣᠷᠲ᠂ ᠢᠮᠫᠣᠷᠲ ᠤᠨ ᠪᠢᠴᠢᠭ ᠪᠠᠷᠢᠮᠲᠠ ᠶᠢ ᠴᠠᠬᠢᠮ ᠬᠡᠯᠪᠡᠷᠢ ᠳᠤ ᠰᠢᠯᠵᠢᠭᠦᠯᠬᠦ᠂ ᠬᠤᠳᠠᠯᠳᠤᠭᠠᠨ ᠤ ᠭᠤᠷᠢᠮ ᠢᠶᠠᠨ ᠬᠦᠡᠭᠭᠡᠪᠴᠢᠯᠡᠬᠦ᠂ ᠲᠷᠠᠨᠽᠢᠲ ᠲᠡᠭᠡᠭᠡᠪᠦᠷᠢ ᠶᠢᠨ ᠬᠤᠭᠤᠴᠠᠭ᠎ᠠ ᠶᠢ ᠪᠣᠭᠤᠨᠢᠰᠬᠠᠬᠤ ᠵᠠᠮ ᠢᠶᠠᠷ ᠬᠤᠳᠠᠯᠳᠤᠭᠠᠨ ᠤ ᠵᠠᠷᠤᠳᠠᠯ ᠢ ᠪᠠᠭᠤᠷᠠᠭᠤᠯᠬᠤ ᠶᠢᠨ ᠵᠡᠷᠭᠡᠴᠡᠭᠡ ᠰᠠᠩᠬᠦᠦ ᠶᠢᠨ ᠬᠠᠤᠯᠢ ᠪᠤᠰᠤ ᠤᠷᠤᠰᠬᠠᠯ᠂ ᠲᠠᠲᠠᠪᠤᠷᠢ ᠠᠴᠠ ᠵᠢᠭᠤᠲᠠᠬᠤ᠂ ᠬᠤᠳᠡᠯ ᠮᠡᠳᠡᠭᠦᠯᠬᠦ ᠵᠡᠷᠭᠡ ᠶᠠᠪᠤᠳᠠᠯ ᠢ ᠪᠠᠭᠠᠰᠬᠠᠬᠤ ᠳᠤ ᠠᠴᠢ ᠬᠤᠯᠪᠣᠭᠳᠠᠯ ᠲᠠᠢ᠃

ᠰᠡᠳᠬᠢᠭᠳᠡᠯ ᠦᠯᠡᠳᠡᠭᠡᠬᠦ