︽4 ᠠᠶᠢᠮᠠᠭ᠂ 400 ᠺᠢᠯᠣᠮᠧᠲᠷ︾ᠶᠠᠪᠠᠭᠠᠨ ᠠᠯᠬᠤᠯᠲᠠ ᠬᠢᠵᠦ ᠪᠠᠶᠢᠨ᠎ᠡ | News.MN

︽4 ᠠᠶᠢᠮᠠᠭ᠂ 400 ᠺᠢᠯᠣᠮᠧᠲᠷ︾ᠶᠠᠪᠠᠭᠠᠨ ᠠᠯᠬᠤᠯᠲᠠ ᠬᠢᠵᠦ ᠪᠠᠶᠢᠨ᠎ᠡ

ᠮᠣᠩᠭᠤᠯ ᠤᠯᠤᠰ ᠤᠨ ᠶᠡᠷᠦᠩᠬᠡᠶ ᠰᠠᠶᠢᠳ ᠤᠨ ᠰᠠᠨᠠᠭᠠᠴᠢᠯᠠᠭ᠎ᠠ᠂ ᠪᠡᠶ᠎ᠡ ᠶᠢᠨ ᠲᠠᠮᠢᠷ᠂ ᠰᠫᠣᠷᠲ ᠤᠨ ᠤᠯᠤᠰ ᠤᠨ ᠬᠤᠷᠢᠶᠠᠨ ᠠᠴᠠ ᠵᠣᠬᠢᠶᠠᠨ ᠪᠠᠶᠢᠭᠤᠯᠵᠤ ᠪᠤᠶ︽ᠢᠯᠡᠭᠦᠳᠡᠯ ᠵᠢᠩ ᠦᠭᠡᠶ ᠡᠷᠲᠡᠴᠢ ᠮᠣᠩᠭᠤᠯ︾ ᠠᠶᠠᠨ ᠤ ᠬᠦᠷᠢᠶᠡᠨ ᠳᠤ ᠮᠣᠩᠭᠣᠯ ᠤᠨ ᠶᠠᠪᠠᠭᠠᠨ ᠠᠯᠬᠤᠯᠲᠠ ᠶᠢᠨ ᠬᠤᠯᠪᠤᠭᠠᠨ ᠤ ᠨᠠᠢᠮᠠᠨ ᠭᠡᠰᠢᠭᠦᠨ︽4 ᠠᠶᠢᠮᠠᠭ᠂ 400 ᠺᠢᠯᠣᠮᠧᠲᠷ︾ ᠠᠯᠬᠤᠯᠲᠠ ᠬᠢᠵᠦ ᠪᠠᠶᠢᠨ᠎ᠡ᠃ ᠠᠯᠬᠤᠯᠲᠠ ᠪᠠᠨ ᠵᠠᠪᠬᠠᠨ ᠠᠶᠢᠮᠠᠭ ᠠᠴᠠ ᠡᠬᠢᠯᠡᠭᠦᠯᠦᠭᠰᠡᠨ ᠪᠥᠭᠡᠳ ᠭᠤᠪᠢ ᠠᠯᠲᠠᠢ᠂ ᠪᠠᠶᠠᠩᠬᠤᠩᠭᠤᠷ᠂ ᠠᠷᠤᠬᠠᠩᠭᠠᠢ ᠠᠶᠢᠮᠠᠭ ᠤᠨ ᠨᠤᠲᠤᠭ ᠢᠶᠠᠷ ᠠᠯᠬᠤᠬᠤ ᠶᠤᠮ᠃ ᠪᠠᠭ ᠤᠨ ᠪᠦᠷᠢᠯᠳᠦᠬᠦᠨ ᠳᠤ ᠡ᠊ ·ᠴᠤᠢᠰᠦ᠋ᠷᠦᠩ ᠤᠨ ᠤᠳᠦᠷᠢᠳᠦᠯᠭ᠎ᠠ ᠳᠤᠤᠷ᠎ᠠ ᠴ᠊ ·ᠪᠠᠶᠠᠷᠬᠦᠦ᠂ ᠰ᠊ ·ᠪᠠᠲᠤᠪᠣᠯᠣᠳ᠂ᠵ᠊·ᠲᠤᠯᠭ᠎ᠠ᠂ ᠬ᠋᠊·ᠠᠯᠲᠠᠨᠰᠦ᠋ᠬᠡ᠂ ᠪ∙ᠭᠠᠩᠲᠤᠯᠭ᠎ᠠ᠂ ᠤ᠊·ᠮᠥᠩᠭᠦᠨᠴᠡᠴᠡᠭ᠂ ᠯ᠊·ᠮᠦᠨᠵᠤᠯᠠ ᠨᠠᠷ ᠪᠠᠭᠲᠠᠵᠠᠢ᠃ ᠪᠠᠭ ᠤᠨ ᠠᠬᠠᠮᠡᠦᠠ ᠨᠢ 51 ᠨᠠᠰᠤᠲᠠᠢ ᠪᠣᠯ ᠵᠠᠯᠠᠭᠤ ᠨᠢ 23 ᠨᠠᠰᠤᠲᠠᠢ᠃
ᠲᠡᠳᠡ ᠡᠨᠡ ᠰᠠᠷ᠎ᠠ ᠶᠢᠨ 10 ᠳᠤ  ᠠᠯᠬᠤᠯᠲᠠ ᠪᠠᠨ ᠡᠬᠢᠯᠡᠭᠦᠯᠦᠭᠰᠡᠨ ᠪᠥᠭᠡᠳ ᠡᠳᠦᠭᠡ ᠪᠠᠶᠠᠩᠬᠤᠩᠭᠤᠷ ᠠᠶᠢᠮᠠᠭ ᠤᠨ ᠨᠤᠲᠤᠭ ᠲᠤ ᠶᠠᠪᠤᠭ᠎ᠠ ᠬᠡᠮᠡᠨ ᠠᠯᠪᠠᠨ ᠤ ᠬᠥᠮᠦᠨ ᠮᠡᠳᠡᠭᠡᠯᠡᠵᠦ ᠪᠠᠶᠢᠨ᠎ᠡ᠃ ᠠᠯᠬᠤᠯᠲᠠ ᠶᠢᠨ ᠲᠡᠭᠦᠰᠭᠡᠯ ᠭᠠᠵᠠᠷ  ᠠᠷᠤᠬᠠᠩᠭᠠᠢ ᠠᠶᠢᠮᠠᠭ ᠤᠨ ᠴᠡᠴᠡᠷᠯᠢᠭ ᠬᠤᠲᠠ ᠳᠤ ᠡᠨᠡ ᠰᠠᠷ᠎ᠠ ᠶᠢᠨ 21  ᠳᠦ ᠬᠦᠷᠬᠦ ᠪᠠᠷ ᠲᠦᠯᠦᠪᠯᠡᠵᠡᠢ᠃

ᠰᠡᠳᠬᠢᠭᠳᠡᠯ ᠦᠯᠡᠳᠡᠭᠡᠬᠦ