ᠮᠣᠩᠭᠣᠯ ᠤᠨ ᠲᠠᠪᠤᠨ ᠮᠠᠷᠠᠹᠤᠨᠴᠢ ᠳᠡᠯᠡᠬᠡᠢ ᠶᠢᠨ ᠲᠡᠮᠡᠴᠡᠭᠡᠨ ᠳᠤ ᠤᠷᠤᠯᠴᠠᠨ᠎ᠠ | News.MN

ᠮᠣᠩᠭᠣᠯ ᠤᠨ ᠲᠠᠪᠤᠨ ᠮᠠᠷᠠᠹᠤᠨᠴᠢ ᠳᠡᠯᠡᠬᠡᠢ ᠶᠢᠨ ᠲᠡᠮᠡᠴᠡᠭᠡᠨ ᠳᠤ ᠤᠷᠤᠯᠴᠠᠨ᠎ᠠ

ᠬᠥᠩᠭᠡᠨ ᠠᠲᠯᠧᠲ᠋ᠢᠺ ᠤᠨ 18 ᠳᠠᠬᠢ ᠤᠳᠠᠭ᠎ᠠ ᠶᠢᠨ  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠨᠡ ᠣᠨ ᠤ ᠳᠣᠯᠣᠳᠤᠭᠠᠷ ᠰᠠᠷ᠎ᠠ ᠶᠢᠨ 14-24  ᠳᠤ  ᠪᠣᠯᠤᠨ᠎ᠠ᠃ ᠲᠡᠮᠡᠴᠡᠭᠡᠨ ᠤ ᠪᠣᠯᠵᠣᠯ ᠢ ᠬᠠᠩᠭᠠᠨ  ᠭᠠᠪᠢᠶᠠᠲᠤ ᠲᠠᠮᠢᠷᠴᠢᠨ ᠪ ∙ ᠰᠧᠷᠠᠤᠳᠤ᠂  ᠪ∙  ᠮᠦᠩᠬᠡᠵᠠᠶᠠᠭ᠎ᠠ ᠣᠷᠣᠯᠴᠠᠬᠤ ᠪᠠᠷ ᠪᠣᠯᠣᠭᠰᠠᠨ ᠰᠠᠨ᠃ ᠲᠡᠭᠡᠪᠡᠯ  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ ᠲᠤ ᠥᠴᠥᠭᠡᠳᠦᠷ ᠪᠣᠯᠣᠭᠰᠠᠨ ︽Seoul international marathon – 2022︾ᠲᠡᠮᠡᠴᠡᠭᠡᠨ ᠳᠤ ᠮᠣᠩᠭᠣᠯ ᠤᠨ ᠭᠤᠷᠪᠠᠨ ᠮᠠᠷᠠᠹᠤᠨᠴᠢ ᠣᠷᠣᠯᠴᠠᠨ᠂  ᠳᠡᠯᠡᠬᠡᠢ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠤ ᠦᠷᠢᠰᠦᠯᠳᠦᠬᠦ ᠡᠷᠭᠡ ᠠᠪᠤᠯ᠎ᠠ᠃
ᠡᠭᠦᠨ ᠳᠤ  ᠵ᠊ ·ᠤᠯᠠᠨᠪᠠᠶᠠᠷ 2 ᠴᠠᠬ᠂ 10 ᠮᠢᠨᠦ᠋ᠲ 59 ᠰᠧᠺᠦ᠋ᠨ᠋ᠳ᠋᠂ ᠳ᠋᠊ · ᠭᠠᠩᠲᠤᠯᠭ᠎ᠠ 2 ᠴᠠᠬ 11 ᠮᠢᠨᠦ᠋ᠲ 13 ᠰᠧᠺᠦ᠋ᠨ᠋ᠳ᠋᠂ ᠴ᠊ ·ᠪᠢᠮᠪᠠᠵᠠᠪ 2 ᠴᠠᠬ 11 ᠮᠢᠨᠦ᠋ᠲ 19 ᠰᠧᠺᠦ᠋ᠨᠳ᠋ ᠤᠨ ᠠᠮᠵᠢᠯᠲᠠ ᠪᠠᠷ ᠪᠠᠷᠢᠶᠠᠨ ᠳᠤ ᠣᠷᠣᠭᠰᠠᠨ ᠶᠤᠮ᠃

 

ᠰᠡᠳᠬᠢᠭᠳᠡᠯ ᠦᠯᠡᠳᠡᠭᠡᠬᠦ