ᠮᠣᠩᠭᠤᠯ ᠪᠠᠩᠬᠢ ᠦᠨᠡᠲᠦ ᠡᠳ᠋ᠯᠡᠯ ᠤᠨ ᠰᠤᠷᠢᠴᠠ ᠲᠤᠬᠳᠡᠭᠠᠬᠤ ᠡᠷᠬᠡ ᠲᠠᠢ ᠪᠣᠯᠤᠨ᠎ᠠ | News.MN

ᠮᠣᠩᠭᠤᠯ ᠪᠠᠩᠬᠢ ᠦᠨᠡᠲᠦ ᠡᠳ᠋ᠯᠡᠯ ᠤᠨ ᠰᠤᠷᠢᠴᠠ ᠲᠤᠬᠳᠡᠭᠠᠬᠤ ᠡᠷᠬᠡ ᠲᠠᠢ ᠪᠣᠯᠤᠨ᠎ᠠ

ᠤᠯᠤᠰ ᠤᠨ ᠶᠡᠭᠡ ᠬᠤᠷᠠᠯ  ᠤᠨ ᠴᠢᠭᠤᠯᠭᠠᠨ ᠢᠶᠠᠷ ᠰ᠊ · ᠪᠢᠮᠪᠠᠴᠣᠭᠲᠤ ᠨᠠᠷ ᠤᠨ ᠳᠥᠷᠪᠡᠨ ᠭᠡᠰᠢᠭᠦᠨ ᠤ ᠡᠷᠭᠦᠨ ᠪᠠᠷᠢᠭᠰᠠᠨ︽ᠡᠷᠳᠡᠨᠢᠰ ᠤᠨ ᠰᠠᠩ ᠤᠨ ᠲᠤᠬᠠᠶ︾ᠬᠠᠤᠯᠢ ᠶᠢᠨ ᠰᠢᠨᠡᠴᠢᠯᠡᠭᠰᠡᠨ ᠨᠠᠶᠢᠷᠠᠭᠤᠯᠭ᠎ᠠ ᠶᠢᠨ ᠠᠩᠬᠠᠨ ᠤ ᠬᠡᠯᠡᠯᠴᠡᠭᠦᠯᠭᠡ ᠶᠢ ᠬᠢᠯ᠎ᠡ᠃  ᠡᠨᠡ ᠬᠦ ᠬᠠᠤᠯᠢ ᠶᠢᠨ ᠲᠥᠰᠥᠯ ᠳᠤ ᠵᠢᠭᠠᠭᠰᠠᠨ ᠢᠶᠡᠷ ᠮᠣᠩᠭᠤᠯ ᠪᠠᠩᠬᠢ ᠡᠷᠳᠡᠨᠢᠰ ᠤᠨ ᠰᠠᠩ ᠳᠠᠭᠠᠨ ᠦᠨᠡᠲᠦ ᠡᠳ᠋ᠯᠡᠯ ᠬᠤᠳᠠᠯᠳᠤᠨ ᠠᠪᠬᠤ ᠳᠤ ᠪᠠᠨ ᠥᠪᠡᠷ ᠢᠶᠠᠨ ᠰᠤᠷᠢᠴᠠ ᠶᠢ ᠨᠢ ᠲᠣᠭᠲᠠᠭᠠᠳᠠᠭ ᠪᠣᠯᠬᠤ ᠶᠤᠮ᠃ ᠡᠨᠡ ᠬᠦ ᠵᠢᠭᠠᠯᠲᠠ ᠶᠢ ᠮᠣᠩᠭᠤᠯ ᠪᠠᠩᠬᠢ ᠥᠪᠡᠷ ᠢᠶᠠᠨ ᠬᠦᠨᠳᠦ ᠮᠧᠲ᠋ᠠᠯ ᠤᠨ ᠰᠤᠷᠢᠴᠠ ᠲᠣᠭᠲᠠᠭᠠᠵᠤ ᠪᠣᠯᠬᠤ ᠠᠭᠤᠯᠭ᠎ᠠ ᠲᠠᠢ ᠪᠠᠷ ᠣᠷᠣᠭᠤᠯᠵᠤ ᠢᠷᠡᠭᠰᠡᠨ᠃ ᠢᠩᠭᠢᠭᠰᠡᠨ ᠢᠶᠠᠷ ᠲᠥᠪ ᠪᠠᠩᠬᠢᠨ ᠤ ᠦᠶᠯᠡ ᠠᠵᠢᠯᠯᠠᠭ᠎ᠠ ᠪᠤᠯᠪᠡᠰᠦᠷᠡᠩᠭᠤᠢ ᠪᠣᠯᠤᠨ᠎ᠠ᠃ ᠨᠥᠭᠦᠭᠡ ᠲᠠᠯ᠎ᠠ ᠠᠴᠠ ᠦᠨᠡᠲᠦ ᠮᠧᠲ᠋ᠠᠯ ᠤᠨ ᠰᠤᠷᠢᠴᠠ ᠲᠠᠢ ᠬᠤᠯᠪᠣᠭ᠎ᠠ ᠲᠠᠢ ᠡᠭᠦᠰᠴᠦ ᠪᠣᠯᠬᠤ ᠡᠷᠡᠰᠳᠡᠯ ᠢ ᠲᠥᠷᠦ ᠳᠠᠩ ᠢᠶᠠᠷ ᠢᠶᠠᠨ ᠬᠠᠷᠢᠭᠤᠴᠠᠨ᠎ᠠ ᠭᠡᠰᠡᠨ ᠦᠭᠡ᠃ ᠢᠩᠭᠢᠭᠰᠡᠨ ᠢᠶᠠᠷ ᠡᠷᠡᠰᠳᠡᠯ ᠪᠠᠭᠤᠷᠠᠨ᠎ᠠ᠃ ᠳᠠᠩ ᠭᠠᠭᠴᠠ ᠲᠥᠷᠦ ᠰᠤᠷᠢᠴᠠ ᠲᠣᠭᠲᠠᠭᠠᠭᠰᠠᠨ ᠠᠴᠠ ᠬᠤᠪᠢ ᠶᠢᠨ ᠬᠡᠪᠰᠢᠯ ᠡᠨᠡ ᠪᠢᠽᠢᠨᠧᠰ ᠲᠤ ᠣᠷᠣᠯᠴᠠᠭᠰᠠᠨ ᠢᠶᠠᠷ ᠢᠯᠡᠬᠦᠦ ᠥᠷᠭᠡᠨ ᠬᠦᠷᠢᠶ᠎ᠡ ᠲᠠᠢ᠂ ᠣᠯᠠᠨ ᠤᠯᠤᠰ ᠤᠨ ᠵᠢᠱᠢᠭ ᠰᠲ᠋ᠠᠨᠳᠠᠷᠲ ᠲᠤ ᠨᠡᠶᠢᠴᠡᠭᠰᠡᠨ ᠯᠠᠪᠣᠷᠠᠲ᠋ᠣᠷᠢ ᠪᠤᠯᠦᠠ ᠲᠣᠨᠤᠭ ᠲᠥᠬᠦᠭᠡᠷᠦᠮᠵᠢ ᠶᠢ ᠣᠷᠣᠭᠤᠯᠵᠤ ᠢᠷᠠᠵᠤ᠂ ᠡᠨᠡ ᠴᠢᠭᠯᠡᠯ ᠳᠤ ᠥᠷᠢᠰᠦᠯᠳᠦᠭᠡᠨ ᠪᠤᠢ ᠪᠣᠯᠵᠤ᠂ ᠴᠢᠨᠠᠷ  ᠰᠠᠶᠢᠵᠢᠷᠠᠨ᠎ᠠ ᠭᠡᠵᠦ ᠦᠵᠡᠵᠦ ᠪᠠᠶᠢᠭ᠎ᠠ᠃

ᠰᠡᠳᠬᠢᠭᠳᠡᠯ ᠦᠯᠡᠳᠡᠭᠡᠬᠦ