ᠭᠠᠵᠠᠷ ᠥᠮᠴᠢᠯᠡᠯ ᠢ ᠡᠷᠴᠢᠮᠵᠢᠭᠦᠯᠦᠨ᠎ᠡ | News.MN

ᠭᠠᠵᠠᠷ ᠥᠮᠴᠢᠯᠡᠯ ᠢ ᠡᠷᠴᠢᠮᠵᠢᠭᠦᠯᠦᠨ᠎ᠡ

ᠨᠡᠶᠢᠰᠯᠡᠯ ᠦᠨ ᠡᠨᠡ ᠣᠨ ᠤ ᠭᠠᠵᠠᠷ ᠵᠣᠬᠢᠶᠠᠨ ᠪᠠᠶᠢᠭᠤᠯᠤᠯᠲᠠ ᠶᠢᠨ ᠲᠥᠯᠦᠪᠯᠡᠭᠡᠨ ᠳᠦ ᠲᠤᠰᠠᠭᠰᠠᠨ 5538 ᠢᠷᠭᠡᠨ ᠦ ᠡᠵᠡᠮᠰᠢᠵᠦ ᠪᠤᠢ ᠭᠠᠵᠠᠷ ᠢ ᠥᠮᠴᠢᠯᠡᠭᠦᠯᠦᠨ᠎ᠡ᠃ ᠢᠷᠭᠡᠨ ᠲᠠ ᠡᠵᠡᠮᠰᠢᠵᠦ ᠪᠤᠢ ᠭᠠᠵᠠᠷ ᠢᠶᠠᠨ ᠡᠨᠡ ᠣᠨ ᠤ ᠲᠥᠯᠦᠪᠯᠡᠭᠡᠨ ᠳᠦ ᠲᠤᠰᠤᠭᠰᠠᠨ ᠡᠰᠡᠬᠦ ᠶᠢ www.egazar.gov.mn ᠴᠠᠬᠢᠮ ᠬᠠᠭᠤᠳᠠᠰᠤᠨ ᠤ ︽ᠪᠠᠲᠤᠯᠠᠭᠳᠠᠭᠰᠠᠨ ᠲᠥᠯᠦᠪᠯᠡᠭᠡ ᠨᠤᠭᠦᠳ︾ ᠬᠡᠰᠡᠭ ᠡᠴᠡ᠂ ᠲᠤᠬᠠᠢ ᠶᠢᠨ ᠵᠢᠯ ᠦᠨ ᠭᠠᠵᠠᠷ ᠵᠣᠬᠢᠶᠠᠨ ᠪᠠᠶᠢᠭᠤᠯᠤᠯᠲᠠ ᠶᠢᠨ ᠲᠥᠯᠥᠪᠯᠡᠭᠡ ᠶᠢ ᠰᠣᠩᠭᠣᠨ ᠬᠠᠷᠠᠬᠤ ᠪᠣᠯᠤᠮᠵᠢ ᠲᠠᠢ᠃
ᠲᠥᠯᠦᠪᠯᠡᠭᠡᠨ ᠳᠦ ᠲᠤᠰᠤᠭᠰᠠᠨ ᠪᠣᠯ ᠡᠷᠭᠦᠳᠡᠯ ᠦᠨ ᠮᠠᠶ᠋ᠢᠭᠲᠤ᠂ ᠴᠠᠬᠢᠮ ᠢᠷᠭᠡᠨ ᠦ ᠦᠨᠡᠮᠯᠡᠬᠦ ᠶᠢᠨ ᠬᠠᠭᠤᠯᠪᠤᠷᠢ᠂ ᠭᠠᠵᠠᠷ ᠡᠵᠡᠮᠰᠢᠬᠦ ᠡᠷᠬᠡ ᠶᠢᠨ ᠭᠡᠷ᠎ᠡ᠂ ᠭᠡᠷᠡᠴᠢᠯᠡᠭᠡ᠂ ᠭᠠᠵᠠᠷ ᠤᠨ ᠲᠥᠯᠥᠪᠦᠷᠢ ᠲᠥᠯᠦᠭᠰᠡᠨ ᠪᠠᠷᠢᠮᠲᠠ᠂ ᠭᠠᠵᠠᠷ ᠲᠥᠯᠥᠪ ᠪᠠᠶᠢᠳᠠᠯ ᠴᠢᠨᠠᠷ ᠤᠨ ᠬᠢᠨᠠᠨ ᠪᠠᠲᠤᠯᠠᠭ᠎ᠠ ᠵᠡᠷᠭᠡ ᠮᠠᠲ᠋ᠧᠷᠢᠶᠠᠯ ᠢ ᠪᠦᠷᠢᠳᠦᠭᠦᠯᠦᠨ᠂ ᠬᠠᠷᠢᠶ᠎ᠠ ᠳᠡᠭᠦᠷᠭᠡ ᠶᠢᠨ ᠭᠠᠵᠠᠷ ᠵᠣᠬᠢᠶᠠᠨ ᠪᠠᠶᠢᠭᠤᠯᠤᠯᠲᠠ ᠶᠢᠨ ᠠᠯᠪᠠᠨ ᠳᠤ ᠬᠠᠨᠳᠤᠨ᠎ᠠ ᠤᠤ ᠭᠡᠵᠦ ᠨᠡᠶᠢᠰᠯᠡᠯ ᠦᠨ ᠭᠠᠵᠠᠷ ᠵᠣᠬᠢᠶᠠᠨ ᠪᠠᠶᠢᠭᠤᠯᠤᠯᠲᠠ ᠶᠢᠨ ᠠᠯᠪᠠᠨ ᠠᠴᠠ ᠮᠡᠳᠡᠭᠡᠯᠡᠪᠡ᠃

ᠰᠡᠳᠬᠢᠭᠳᠡᠯ ᠦᠯᠡᠳᠡᠭᠡᠬᠦ