ᠴᠧᠾ ᠤᠯᠤᠰ ᠵᠢᠯ ᠳᠤ 1000 ᠣᠷᠴᠢᠮ ᠮᠣᠩᠭᠤᠯ ᠬᠦᠮᠦᠨ ᠳ᠋ᠤ ᠠᠵᠢᠯ ᠤᠨ ᠸᠢᠰᠠ ᠣᠯᠭᠤᠵᠤ ᠪᠠᠶᠢᠨ᠎ᠡ | News.MN

ᠴᠧᠾ ᠤᠯᠤᠰ ᠵᠢᠯ ᠳᠤ 1000 ᠣᠷᠴᠢᠮ ᠮᠣᠩᠭᠤᠯ ᠬᠦᠮᠦᠨ ᠳ᠋ᠤ ᠠᠵᠢᠯ ᠤᠨ ᠸᠢᠰᠠ ᠣᠯᠭᠤᠵᠤ ᠪᠠᠶᠢᠨ᠎ᠡ

ᠮᠣᠩᠭᠤᠯ ᠤᠯᠤᠰ ᠤᠨ ᠭᠠᠳᠠᠭᠠᠳᠤ ᠬᠠᠷᠢᠯᠴᠠᠭᠠᠨ ᠤ ᠶᠠᠮᠤᠨ᠂ ᠪᠦᠬᠦᠳᠠ ᠨᠠᠶᠢᠷᠠᠮᠳᠠᠬᠤ ᠴᠧᠾ ᠤᠯᠤᠰ ᠤᠨ ᠭᠠᠳᠠᠭᠠᠳᠤ ᠬᠡᠷᠡᠭ ᠤᠨ ᠶᠠᠮᠤᠨ ᠬᠤᠭᠤᠷᠤᠨᠳᠤ ᠶᠢᠨ ᠲᠠᠪᠤᠳᠠᠬᠢ ᠵᠥᠪᠯᠡᠯᠳᠦᠬᠦ ᠠᠭᠤᠯᠵᠠᠯᠲᠠ ᠥᠴᠥᠭᠡᠳᠦᠷ ᠫᠷᠠᠭ᠎ᠠ ᠬᠤᠲᠠ ᠳᠤ ᠪᠣᠯᠪᠠ᠃ ᠲᠥᠯᠥᠭᠡᠯᠡᠭᠴᠢᠳ ᠢ   ᠮᠣᠩᠭᠣᠯ ᠤᠨ ᠲᠠᠯ᠎ᠠ ᠠᠴᠠ ᠭᠠᠳᠠᠭᠠᠳᠤ ᠬᠠᠷᠢᠯᠴᠠᠭᠠᠨ ᠤ ᠳᠡᠳ᠋ ᠰᠠᠶᠢᠳ ᠪ ∙ ᠮᠥᠩᠬᠡᠵᠢᠨ᠂ ᠴᠧᠾ ᠤᠨ ᠲᠠᠯ᠎ᠠ ᠠᠴᠠ ᠭᠠᠳᠠᠭᠠᠳᠤ ᠬᠡᠷᠡᠭ ᠤᠨ ᠳᠡᠳ᠋ ᠰᠠᠶᠢᠳ ᠢ᠊ ·  ᠺᠤᠽᠠᠺ  ᠨᠠᠷ  ᠲᠡᠷᠢᠭᠦᠯᠡᠪᠡ᠃  ᠰᠠᠶᠢᠳ ᠨᠠᠷ ᠮᠣᠩᠭᠤᠯ᠂ ᠴᠧᠾ ᠤᠨ ᠤᠯᠠᠮᠵᠢᠯᠠᠯᠲᠤ ᠨᠠᠶᠢᠷᠰᠠᠭ ᠬᠠᠮᠲᠤ ᠶᠢᠨ ᠠᠵᠢᠯᠯᠠᠭᠠᠨ ᠳᠤ ᠬᠤᠳᠠᠯᠳᠤᠭ᠎ᠠ᠂ ᠡᠳ᠋ ᠤᠨ ᠵᠠᠰᠠᠭ᠂ ᠢᠷᠭᠡᠳ ᠬᠤᠭᠤᠷᠤᠨᠳᠤ ᠶᠢᠨ ᠬᠠᠷᠢᠯᠴᠠᠭ᠎ᠠ ᠴᠢᠬᠤᠯᠠ ᠡᠭᠦᠷᠭᠡ ᠭᠦᠢᠴᠡᠳᠬᠡᠵᠦ ᠪᠠᠶᠢᠭ᠎ᠠ ᠶᠢ ᠰᠠᠨᠠᠯ ᠨᠢᠭᠡᠲᠡᠶ ᠲᠡᠮᠳᠡᠭᠯᠡᠬᠦ ᠶᠢᠨ ᠰᠠᠴᠠᠭᠤ ᠴᠧᠾ ᠤᠨ ᠪᠢᠽᠨᠧᠰ ᠡᠷᠬᠢᠯᠡᠭᠴᠢᠳ ᠪᠤᠯᠦᠠ ᠬᠥᠷᠥᠩᠭᠡ ᠣᠷᠣᠭᠤᠯᠤᠭᠴᠢᠳ ᠮᠣᠩᠭᠤᠯ ᠤᠯᠤᠰ ᠲᠤ ᠬᠥᠷᠥᠩᠭᠡ ᠣᠷᠣᠭᠤᠯᠬᠤ᠂ ᠬᠠᠮᠲᠤᠷᠠᠨ ᠠᠵᠢᠯᠯᠠᠬᠤ ᠡᠷᠡᠮᠡᠯᠵᠡᠯ ᠲᠦᠬᠦᠷᠡᠩ ᠪᠠᠶᠢᠭ᠎ᠠ ᠪᠠᠨ ᠢᠯᠡᠷᠬᠡᠶᠢᠯᠡᠪᠡ᠃
ᠵᠥᠪᠯᠡᠯᠳᠦᠬᠦ ᠠᠭᠤᠯᠵᠠᠯᠲᠠ ᠶᠢᠨ ᠳ᠋ᠦᠩ ᠳᠤ ᠴᠧᠾ ᠤᠯᠤᠰ ᠲᠤ ᠠᠯᠪᠠᠨ ᠶᠣᠰᠤᠭᠠᠷ ᠠᠵᠢᠯᠯᠠᠬᠤ  ᠮᠣᠩᠭᠣᠯ ᠤᠨ ᠮᠡᠷᠭᠡᠵᠢᠯ ᠲᠠᠢ ᠠᠵᠢᠯᠯᠠᠬᠤ ᠬᠦᠴᠦᠨ ᠤ ᠲᠤᠭ᠎ᠠ ᠶᠢ ᠨᠡᠮᠡᠭᠳᠡᠭᠦᠯᠬᠦ ᠪᠠᠷ ᠪᠣᠯᠪᠠ᠃ ᠥᠨᠥᠳᠥᠷ ᠤᠨ ᠪᠠᠶᠢᠳᠠᠯ ᠢᠶᠠᠷ ᠮᠠᠨ ᠤ ᠤᠯᠤᠰ ᠤᠨ 11000 ᠭᠠᠷᠦᠢ ᠢᠷᠭᠡᠠ ᠴᠧᠾ ᠤᠯᠤᠰ ᠲᠤ ᠠᠵᠢᠯᠯᠠᠵᠤ᠂ ᠠᠮᠢᠳᠤᠷᠠᠵᠤ ᠪᠠᠶᠢᠭ᠎ᠠ ᠪᠥᠭᠡᠳ ᠴᠧᠾ ᠤᠨ ᠲᠡᠯ᠎ᠠ ᠵᠢᠯ ᠳᠤ 1000 ᠣᠷᠴᠢᠮ ᠬᠦᠮᠦᠨ ᠳ᠋ᠤ  ᠠᠵᠢᠯ ᠤᠨ ᠸᠢᠰᠠ ᠣᠯᠭᠤᠵᠤ ᠪᠠᠶᠢᠨ᠎ᠡ᠃

ᠰᠡᠳᠬᠢᠭᠳᠡᠯ ᠦᠯᠡᠳᠡᠭᠡᠬᠦ