ᠮᠣᠩᠭᠤᠯ ᠳᠤ ᠨᠤᠨᠲᠠᠭ ᠲᠡᠮᠦᠷᠯᠢᠭ ᠤᠨ ᠠᠩᠬᠠᠨ ᠤ ᠦᠢᠯᠡᠳᠪᠦᠷᠢ ᠠᠰᠢᠭᠯᠠᠯᠲᠠ ᠳᠤ ᠣᠷᠣᠯ᠎ᠠ | News.MN

ᠮᠣᠩᠭᠤᠯ ᠳᠤ ᠨᠤᠨᠲᠠᠭ ᠲᠡᠮᠦᠷᠯᠢᠭ ᠤᠨ ᠠᠩᠬᠠᠨ ᠤ ᠦᠢᠯᠡᠳᠪᠦᠷᠢ ᠠᠰᠢᠭᠯᠠᠯᠲᠠ ᠳᠤ ᠣᠷᠣᠯ᠎ᠠ

ᠻᠠᠲ᠋ᠣᠳ᠋ ᠤᠨ ᠵᠡᠰ ᠪᠤᠯᠦᠠ ᠬᠠᠶᠠᠭᠳᠠᠯ ᠵᠡᠰ ᠢ ᠪᠣᠯᠪᠠᠰᠤᠷᠠᠭᠤᠯᠵᠤ᠂ ᠵᠢᠯ ᠳᠤ 3 ᠮᠢᠩᠭᠠᠨ ᠲᠣᠨ ᠨᠤᠨᠲᠠᠭ ᠮᠧᠲ᠋ᠠᠯ ᠦᠢᠯᠡᠳᠪᠦᠷᠢᠯᠡᠬᠦ ᠬᠦᠴᠦᠨ ᠴᠢᠳᠡᠯ  ᠪᠦᠬᠦᠢᠯᠡ ᠡᠺᠰᠫᠣᠷᠲ ᠲᠤ ᠴᠢᠭᠯᠡᠭᠰᠡᠨ᠂ ᠳᠡᠪᠰᠢᠯᠲᠡᠲᠦ ᠲᠧᠭᠨᠢᠭ ᠲᠧᠭᠨᠣᠯᠣᠭᠢ ᠳᠤ ᠰᠠᠭᠤᠷᠢᠯᠠᠭᠰᠠᠨ ᠴᠣ ᠰᠢᠨ᠎ᠡ ᠦᠢᠯᠡᠳᠪᠦᠷᠢ ᠶᠢ︽ᠲᠠᠯ᠎ᠠ ᠶᠢᠨ ᠮᠧᠲ᠋ᠠᠯ ᠨᠤᠨᠲᠠᠭ︾ᠺᠤᠮᠫᠠᠨᠢ ᠠᠰᠢᠭᠯᠠᠯᠲᠠ ᠳᠤ ᠣᠷᠣᠭᠤᠯᠤᠯ᠎ᠠ᠃ ᠲᠤᠰ ᠦᠢᠯᠡᠳᠪᠦᠷᠢ ᠨᠢ ᠨᠤᠨᠲᠠᠭ ᠵᠡᠰ᠂ ᠭᠠᠤᠯᠢ᠂ ᠬᠦᠷᠡᠯ᠂ ᠴᠡᠭᠠᠠ ᠲᠤᠭᠤᠯᠭ᠎ᠠ᠂ ᠪᠤᠰᠤᠳ ᠲᠡᠮᠦᠷᠯᠢᠭ ᠵᠡᠷᠭᠡ ᠶᠢ ᠦᠢᠯᠡᠳᠪᠦᠷᠢᠯᠡᠵᠦ᠂ ᠡᠸᠦ᠋ᠷᠦᠫᠡ ᠶᠢᠨ ᠬᠤᠯᠪᠣᠭ᠎ᠠ᠂   ᠬᠢᠲᠠᠳ ᠂ ᠶᠠᠫᠤᠨ᠂  ᠪᠦᠬᠦᠳᠠ ᠨᠠᠶᠢᠷᠠᠮᠳᠠᠬᠤ ᠰᠣᠯᠤᠩᠭᠤᠰ ᠤᠯᠤᠰ᠂ ᠡᠨᠡᠳᠬᠡᠭ ᠵᠡᠷᠭᠡ ᠮᠧᠲ᠋ᠠᠯ ᠨᠤᠨᠲᠠᠭ  ᠤᠨ ᠦᠡᠳᠦᠷ ᠡᠷᠢᠯᠲᠡ ᠬᠡᠷᠡᠭᠴᠡᠭᠡ  ᠪᠦᠬᠦᠢᠯᠡ ᠦᠢᠯᠡᠳᠪᠦᠷᠢᠯᠡᠭᠴᠢ ᠣᠷᠣᠨ ᠨᠤᠭᠤᠳ ᠤᠷᠤᠭᠤ ᠡᠺᠰᠫᠣᠷᠲᠯᠠᠬᠤ  ᠶᠤᠮ᠃
ᠠᠭᠤᠯᠠ ᠠᠭᠤᠷᠬᠠᠢ᠂ ᠬᠦᠨᠳᠦ ᠦᠢᠯᠡᠳᠪᠦᠷᠢ ᠶᠢᠨ ᠰᠠᠶᠢᠳ ᠬ᠋᠊ · ᠶᠣᠨᠳᠣᠨ ᠨᠡᠭᠡᠭᠡᠯᠲᠡ ᠶᠢᠨ ᠦᠶ᠎ᠡ ᠪᠠᠷ ᠬᠡᠯᠡᠭᠰᠡᠨ ᠦᠭᠡᠨ ᠳᠡᠭᠡᠨ᠄  ᠡᠨᠡ ᠬᠦ ᠦᠢᠯᠡᠳᠪᠦᠷᠢ ᠠᠰᠢᠭᠯᠠᠯᠲᠠ ᠳᠤ ᠣᠷᠣᠭᠰᠠᠨ ᠢᠶᠠᠷ ᠰᠡᠭᠦᠯ ᠤᠨ ᠵᠢᠯ ᠤᠳ ᠲᠤ ᠳᠡᠯᠡᠬᠡᠢ ᠶᠢᠨ ᠮᠧᠲ᠋ᠠᠯ ᠪᠣᠯᠪᠠᠰᠤᠷᠠᠭᠤᠯᠬᠤ ᠰᠠᠯᠪᠤᠷᠢ ᠳᠤ ᠰᠢᠨ᠎ᠡ ᠪᠠᠷ ᠨᠡᠪᠲᠡᠷᠡᠵᠦ ᠪᠤᠶ ᠡᠷᠴᠢᠮ ᠬᠦᠴᠦ᠂ ᠮᠧᠲ᠋ᠠᠯ ᠤᠨ ᠬᠡᠮᠨᠡᠯᠲᠡ  ᠪᠦᠬᠦᠢᠯᠡ ᠪᠦᠲᠦᠭᠡᠭᠳᠡᠬᠦᠨ ᠦᠢᠯᠡᠳᠪᠦᠷᠢᠯᠡᠬᠦ ᠨᠤᠨᠲᠠᠭ ᠮᠧᠲ᠋ᠠᠯ ᠤᠨ ᠲᠧᠭᠨᠣᠯᠣᠭᠢ ᠮᠣᠩᠭᠤᠯ ᠤᠯᠤᠰ ᠲᠤ ᠨᠤᠲᠤᠭᠰᠢᠬᠤ  ᠶᠤᠮ᠃

ᠲᠤᠰ ᠮᠧᠲ᠋ᠠᠯ ᠨᠤᠨᠲᠠᠭ ᠢᠶᠠᠷ ᠡᠴᠦᠰ ᠤᠨ ᠪᠦᠲᠦᠭᠡᠭᠳᠡᠬᠦᠨ ᠪᠣᠯᠬᠤ ᠴᠠᠬᠢᠯᠭᠠᠨ ᠲᠣᠨᠤᠭ ᠲᠥᠬᠦᠭᠡᠷᠦᠮᠵᠢ᠂ ᠠᠦ᠋ᠲ᠋ᠣ᠋ ᠮᠠᠰᠢᠨ᠂ ᠺᠣᠮᠫᠢᠦ᠋ᠲ᠋ᠧᠷ᠂ ᠭᠠᠷ ᠤᠲᠠᠰᠤᠨ ᠤ ᠡᠳ᠋ ᠠᠩᠭᠢ ᠵᠡᠷᠭᠡ ᠥᠨᠳᠦᠷ ᠲᠧᠻᠨᠣᠯᠣᠭᠢ ᠶᠢᠨ ᠪᠦᠲᠦᠭᠡᠭᠳᠡᠬᠦᠨ ᠢ ᠨᠤᠨᠲᠠᠭ ᠮᠧᠲ᠋ᠠᠯᠯᠤᠷ ᠤᠨ  ᠪᠤᠯᠦᠠ 3 D ᠬᠡᠪᠯᠡᠯ ᠤᠨ ᠠᠷᠭ᠎ᠠ ᠪᠠᠷ ᠦᠢᠯᠡᠳᠪᠦᠷᠢᠯᠡᠬᠦ ᠪᠣᠯᠣᠮᠵᠢ ᠨᠤᠭᠤᠳ ᠢ ᠪᠦᠷᠢᠳᠦᠭᠦᠯᠵᠦ᠂ ᠢᠯᠡᠬᠦᠦ ᠦᠡᠳᠦᠷ ᠦᠷ᠎ᠡ ᠠᠰᠢᠭ ᠢ ᠪᠠᠶᠢᠭᠠᠯᠢ ᠶᠢᠨ ᠪᠠᠶᠠᠯᠢᠭ ᠠᠴᠠ ᠬᠦᠷᠲᠡᠬᠦ᠂ ᠪᠣᠯᠪᠠᠰᠤᠷᠠᠭᠤᠯᠬᠤ ᠦᠢᠯᠡᠳᠪᠦᠷᠢ ᠶᠢᠨ ᠰᠢᠨ᠎ᠡ ᠰᠠᠯᠪᠤᠷᠢ ᠶᠢᠨ ᠡᠬᠢᠯᠡᠯ ᠪᠣᠯᠵᠤ ᠪᠠᠶᠢᠨ᠎ᠡ ᠭᠡᠵᠡᠢ᠃

ᠰᠡᠳᠬᠢᠭᠳᠡᠯ ᠦᠯᠡᠳᠡᠭᠡᠬᠦ