ᠥᠰᠪᠦᠷᠢ ᠶᠢᠨ ᠵᠢᠦᠳᠤᠤᠴᠢᠳ 212 ᠪᠠᠭᠴᠠ ᠮᠧᠳᠠᠯ ᠤᠨ ᠲᠥᠯᠥᠭᠡ ᠥᠷᠢᠰᠦᠯᠳᠦᠵᠦ ᠪᠠᠶᠢᠨ᠎ᠡ | News.MN

ᠥᠰᠪᠦᠷᠢ ᠶᠢᠨ ᠵᠢᠦᠳᠤᠤᠴᠢᠳ 212 ᠪᠠᠭᠴᠠ ᠮᠧᠳᠠᠯ ᠤᠨ ᠲᠥᠯᠥᠭᠡ ᠥᠷᠢᠰᠦᠯᠳᠦᠵᠦ ᠪᠠᠶᠢᠨ᠎ᠡ

ᠪᠠᠶᠠᠨ ᠥᠯᠥᠭᠡᠶ ᠠᠶᠢᠮᠠᠭ ᠤᠨ ᠥᠯᠥᠭᠡᠶ ᠬᠤᠲᠠ ᠳᠤ ᠵᠢᠦᠳᠤᠤ ᠪᠥᠬᠡ ᠶᠢᠨ ᠪᠠᠷᠠᠭᠤᠨ ᠪᠦᠰᠡ ᠶᠢᠨ ᠥᠰᠪᠦᠷᠢ ᠦᠶ᠎ᠡ ᠶᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠨᠥᠳᠥᠷ ᠡᠬᠢᠯᠡᠯ᠎ᠡ᠃ ᠲᠡᠮᠡᠴᠡᠭᠡᠨ ᠢ ᠠᠶᠢᠮᠠᠭ ᠤᠨ ᠪᠡᠶ᠎ᠡ ᠶᠢᠨ ᠲᠠᠮᠢᠷ᠂ ᠰᠫᠣᠷᠲ ᠤᠨ ᠭᠠᠵᠠᠷ᠂ ᠵᠢᠦᠳᠤᠤ ᠪᠥᠬᠡ ᠶᠢᠨ ᠬᠤᠯᠪᠣᠭ᠎ᠠ ᠬᠠᠮᠲᠤᠷᠠᠨ ᠵᠣᠬᠢᠶᠠᠨ ᠪᠠᠶᠢᠭᠤᠯᠵᠤ ᠪᠠᠶᠢᠨ᠎ᠡ᠃
ᠲᠤᠰ ᠲᠡᠮᠡᠴᠡᠭᠡᠨ ᠳᠤ ᠬᠤᠪᠳᠤ᠂ ᠤᠪᠰᠤ᠂ ᠭᠤᠪᠢ ᠠᠯᠲᠠᠢ᠂ ᠪᠠᠶᠠᠨ ᠥᠯᠥᠭᠡᠶ᠂ ᠵᠠᠪᠬᠠᠨ ᠠᠶᠢᠮᠠᠭ ᠤᠨ ᠥᠰᠪᠦᠷᠢ ᠶᠢᠨ 420 ᠭᠠᠷᠦᠢ ᠲᠠᠮᠢᠷᠴᠢᠨ ᠣᠷᠣᠯᠴᠠᠵᠤ ᠪᠠᠶᠢᠨ᠎ᠡ᠃ ᠲᠡᠳᠡ ᠪᠠᠭ᠎ᠠ᠂ ᠳᠤᠮᠳᠠ᠂ ᠠᠬᠠᠯᠠᠬᠤ ᠨᠠᠰᠤᠨ ᠤ ᠠᠩᠭᠢᠯᠡᠯ ᠢᠶᠠᠷ 53 ᠵᠢᠩ ᠳᠤ ᠨᠡᠶᠢᠲᠡ 212 ᠪᠠᠭᠴᠠ ᠮᠧᠳᠠᠯ ᠤᠨ ᠲᠥᠯᠥᠭᠡ ᠬᠤᠷᠳᠤ ᠬᠦᠴᠦ᠂ ᠠᠪᠬᠠᠯᠵᠢ ᠰᠠᠮᠪᠠᠭ᠎ᠠ ᠪᠠᠨ ᠰᠣᠷᠢᠨ ᠥᠷᠢᠰᠦᠯᠳᠦᠨ᠎ᠡ᠃

ᠰᠡᠳᠬᠢᠭᠳᠡᠯ ᠦᠯᠡᠳᠡᠭᠡᠬᠦ