ᠬᠥᠳᠡᠭᠡ ᠠᠵᠤ ᠠᠬᠤᠢ ᠳᠦ ᠭᠤᠷᠪᠠᠨ ᠬᠤᠪᠢ ᠶᠢᠨ ᠬᠦᠦ ᠲᠠᠢ ᠵᠢᠭᠡᠯᠡ ᠣᠯᠭᠤᠨ᠎ᠠ | News.MN

ᠬᠥᠳᠡᠭᠡ ᠠᠵᠤ ᠠᠬᠤᠢ ᠳᠦ ᠭᠤᠷᠪᠠᠨ ᠬᠤᠪᠢ ᠶᠢᠨ ᠬᠦᠦ ᠲᠠᠢ ᠵᠢᠭᠡᠯᠡ ᠣᠯᠭᠤᠨ᠎ᠠ

ᠬᠥᠳᠡᠭᠡ ᠠᠵᠤ ᠠᠬᠤᠢ ᠶᠢ ᠳᠡᠮᠵᠢᠬᠦ ᠵᠢᠭᠡᠯᠡᠯᠭᠡ ᠶᠢ ᠡᠨᠡ ᠣᠨ ᠳᠤ ᠨᠣᠯᠤᠤᠷ᠂ ᠨᠣᠤᠰᠣ᠂ ᠠᠷᠠᠰᠤ ᠰᠢᠷᠢ ᠪᠡᠯᠡᠦᠡᠭᠡᠯ᠂ ᠭᠠᠵᠠᠷ ᠲᠠᠷᠢᠶᠠᠯᠠᠩ᠂ ᠲᠥᠮᠥᠰᠥ᠂ ᠬᠦᠨᠡᠰᠦᠨ ᠤ ᠨᠣᠭᠤᠭᠠᠨ ᠤ ᠲᠠᠷᠢᠶᠠᠯᠠᠯᠲᠠ᠂ ᠭᠤᠯᠢᠷ᠂ ᠲᠡᠵᠢᠭᠡᠯ᠂ ᠤᠷᠭᠤᠮᠠᠯ ᠤᠨ ᠲᠣᠰᠤᠨ ᠤ ᠦᠢᠯᠡᠳᠪᠦᠷᠢᠯᠡᠯ ᠳᠤ ᠵᠣᠷᠢᠭᠤᠯᠤᠨ ᠣᠯᠭᠤᠨ᠎ᠠ᠃  ᠵᠢᠭᠡᠯᠡᠯᠭᠡ ᠶᠢ ᠵᠢᠯ ᠤᠨ ᠬᠤᠭᠤᠴᠠᠭ᠎ᠠ ᠲᠠᠢ ᠭᠤᠷᠪᠠᠨ ᠬᠤᠪᠢ ᠶᠢᠨ ᠬᠦᠦ ᠲᠠᠢ ᠪᠠᠷ ᠠᠷᠠᠯᠵᠢᠶᠠᠨ ᠤ ᠪᠠᠩᠭᠢ ᠪᠠᠷ ᠳᠠᠮᠵᠢᠭᠤᠯᠤᠨ ᠣᠯᠭᠤᠵᠤ ᠪᠠᠶᠢᠨ᠎ᠡ᠃

ᠭᠡᠪᠡᠴᠦ ᠮᠣᠩᠭᠤᠯ ᠪᠠᠩᠬᠢᠨ ᠤ ᠮᠥᠩᠭᠦᠨ ᠤ ᠪᠣᠳᠣᠯᠭ᠎ᠠ ᠶᠢᠨ ᠬᠤᠷᠢᠶᠠᠨ ᠠᠴᠠ ᠪᠣᠳᠣᠯᠭ᠎ᠠ ᠶᠢᠨ ᠬᠦᠦ ᠶᠢ 2.5 ᠨᠢᠭᠡᠴᠢ ᠬᠤᠪᠢ ᠪᠠᠷ ᠨᠡᠮᠡᠭᠰᠡᠨ᠃ ᠡᠶᠢᠮᠦ ᠳᠤ ᠠᠷᠠᠯᠵᠢᠶᠠᠨ ᠤ ᠪᠠᠩᠬᠢᠨ ᠠᠴᠠ ᠣᠯᠭᠤᠬᠤ ᠬᠥᠳᠡᠭᠡ ᠠᠵᠤ ᠠᠬᠤᠢ ᠶᠢ ᠳᠡᠮᠵᠢᠬᠦ ᠵᠢᠭᠡᠯᠡ ᠶᠢᠨ ᠬᠦᠦ ᠨᠡᠮᠡᠭᠳᠡᠵᠡᠢ᠃ ᠵᠠᠰᠠᠭ ᠤᠨ ᠭᠠᠵᠠᠷ ᠠᠴᠠ ᠵᠢᠭᠡᠯᠡ ᠶᠢᠨ ᠬᠦᠦ ᠶᠢᠨ ᠳᠡᠮᠵᠢᠯᠭᠡ ᠦᠵᠡᠭᠦᠯᠬᠦ ᠳᠡᠭᠡᠨ ᠪᠣᠳᠣᠯᠭ᠎ᠠ ᠶᠢᠨ ᠬᠦᠦ ᠲᠠᠢ ᠤᠶᠠᠯᠳᠤᠭᠤᠯᠬᠤ ᠵᠠᠶᠢᠯᠡᠰᠢ ᠦᠭᠡᠢ ᠱᠠᠭᠠᠷᠳᠠᠯᠭ᠎ᠠ ᠡᠭᠦᠰᠦᠭᠰᠡᠨ᠃ ᠲᠡᠭᠡᠪᠡᠯ ᠥᠨᠥᠳᠥᠷ ᠤᠨ ᠡᠭᠡᠯᠵᠢᠲᠦ ᠬᠤᠷᠠᠯᠳᠤᠭᠠᠨ ᠢᠶᠠᠷ ᠵᠠᠰᠠᠭ ᠤᠨ ᠭᠠᠵᠠᠷ ᠠᠴᠠ 7.65 ᠬᠤᠪᠢ ᠶᠢᠨ ᠬᠦᠦ ᠶᠢᠨ ᠵᠥᠷᠢᠭᠦᠦ ᠶᠢ ᠨᠡᠮᠡᠵᠦ 10.65 ᠬᠤᠪᠢ ᠪᠣᠯᠭᠠᠵᠠᠢ᠃ ᠢᠩᠭᠢᠭᠰᠡᠨ ᠢᠶᠠᠷ ᠬᠥᠳᠡᠭᠡ ᠠᠵᠤ ᠠᠬᠤᠢ ᠶᠢ ᠳᠡᠮᠵᠢᠬᠦ ᠬᠥᠩᠭᠡᠯᠡᠯᠲᠡ ᠲᠠᠢ  ᠵᠢᠭᠡᠯᠡᠯᠭᠡ ᠶᠢ ᠣᠯᠭᠤᠬᠤ ᠨᠥᠬᠦᠴᠡᠯ ᠪᠦᠷᠢᠳᠪᠡ ᠭᠡᠵᠦ  ᠬᠦᠳᠡᠭᠡ ᠠᠵᠤ ᠠᠬᠤᠢ ᠶᠢᠨ ᠶᠠᠮᠤᠨ ᠠᠴᠠ ᠮᠡᠳᠡᠭᠡᠯᠡᠪᠡ᠃

ᠰᠡᠳᠬᠢᠭᠳᠡᠯ ᠦᠯᠡᠳᠡᠭᠡᠬᠦ