ᠵᠠᠯᠠᠭᠤ ᠤᠷᠠᠨ ᠪᠦᠲᠦᠭᠡᠯᠴᠢᠳ ᠤᠨ ᠰᠢᠯᠢᠳᠡᠭ ᠪᠦᠲᠦᠭᠡᠯ ᠰᠢᠯᠭᠠᠷᠠᠭᠤᠯᠬᠤ ᠣᠯᠠᠨ ᠤᠯᠤᠰ ᠤᠨ ︽ᠠᠯᠲᠠᠨ ᠪᠢᠷ – 16︾ ᠦᠵᠡᠰᠬᠦᠯᠡᠩ ᠥᠨᠥᠳᠥᠷ 17 ᠴᠠᠭ ᠠᠴᠠ ᠮᠣᠩᠭᠣᠯ ᠤᠨ ᠤᠷᠠᠴᠤᠳ ᠤᠨ ᠡᠪᠯᠡᠯ ᠤᠨ ᠦᠵᠡᠰᠬᠦᠯᠡᠩ ᠤᠨ ᠲᠠᠩᠬᠢᠮ ᠳᠤ ᠨᠡᠭᠡᠭᠡᠯᠲᠡ ᠪᠠᠨ ᠬᠢᠬᠦ ᠭᠡᠵᠦ ᠪᠠᠶᠢᠨ᠎ᠡ᠃ ᠤᠭ ᠦᠵᠡᠰᠬᠦᠯᠡᠩ 16 ᠳᠠᠬᠢ ᠵᠢᠯ ᠳᠤ ᠪᠠᠨ ᠤᠯᠠᠮᠵᠢᠯᠠᠯ ᠪᠣᠯᠭᠠᠨ ᠵᠣᠬᠢᠶᠠᠨ ᠪᠠᠶᠢᠭᠤᠯᠤᠭᠳᠠᠵᠤ ᠪᠠᠶᠢᠭ᠎ᠠ ᠶᠤᠮ᠃
ᠡᠨᠡ ᠵᠢᠯ 109 ᠵᠠᠯᠠᠭᠤ ᠤᠷᠠᠨ ᠪᠦᠲᠦᠭᠡᠯᠴᠢ ᠶᠢᠨ ᠪᠦᠲᠦᠭᠡᠯ ᠣᠷᠣᠯᠴᠠᠭᠰᠠᠨ ᠠᠴᠠ 80 ᠭᠠᠷᠦᠢ ᠪᠦᠲᠦᠭᠡᠯ ᠰᠣᠩᠭᠤᠭᠳᠠᠨ ᠡᠨᠡ ᠬᠦ ᠦᠵᠡᠰᠬᠦᠯᠡᠩ ᠳᠤ ᠳᠡᠯᠭᠡᠭᠳᠡᠨ ᠨᠡᠶᠢᠲᠡ ᠶᠢᠨ ᠬᠦᠷᠲᠡᠭᠡᠯ ᠪᠣᠯᠵᠤ ᠪᠠᠶᠢᠨ᠎ᠡ᠃ ᠮᠣᠩᠭᠣᠯ ᠤᠨ ᠤᠷᠠᠴᠤᠳ ᠤᠨ ᠡᠪᠯᠡᠯ ᠤᠨ ᠳᠡᠷᠭᠡᠳᠡᠬᠢ ᠵᠠᠯᠠᠭᠤ ᠤᠷᠠᠨ ᠪᠦᠲᠦᠭᠡᠯᠴᠢᠳ ᠤᠨ ᠨᠢᠭᠡᠳᠦᠯ ᠠᠴᠠ ᠤᠭ ᠦᠵᠡᠰᠬᠦᠯᠡᠩ ᠢ ᠵᠣᠬᠢᠶᠠᠨ ᠪᠠᠶᠢᠭᠤᠯᠵᠤ ᠪᠠᠶᠢᠨ᠎ᠡ᠃