ᠮᠣᠩᠭᠤᠯ ᠠᠵᠢᠷᠭ᠎ᠠ ᠶᠢ ᠬᠡᠷᠴᠡᠭᠡᠢ ᠪᠠᠷ ᠵᠡᠷᠡᠮᠳᠡᠭᠯᠡᠬᠦ ᠪᠠᠨ ᠵᠣᠭᠰᠤᠭ᠎ᠠ ᠭᠡᠪᠡ | News.MN

ᠮᠣᠩᠭᠤᠯ ᠠᠵᠢᠷᠭ᠎ᠠ ᠶᠢ ᠬᠡᠷᠴᠡᠭᠡᠢ ᠪᠠᠷ ᠵᠡᠷᠡᠮᠳᠡᠭᠯᠡᠬᠦ ᠪᠠᠨ ᠵᠣᠭᠰᠤᠭ᠎ᠠ ᠭᠡᠪᠡ

ᠮᠣᠩᠭᠣᠯ ᠤᠨ ᠦᠨᠳᠦᠰᠦᠨ ᠤ ᠮᠤᠷᠢᠨ ᠤᠷᠤᠯᠳᠤᠭᠠᠨ᠂ ᠤᠶᠠᠭᠠᠴᠢᠳ ᠤᠨ ᠬᠤᠯᠪᠣᠭ᠎ᠠ᠂ ᠮᠣᠩᠭᠤᠯ ᠠᠳᠤᠭᠤ ᠨᠡᠶᠢᠭᠡᠮᠯᠢᠭ᠂ ᠠᠮᠢᠲᠠᠨ ᠤ ᠡᠷᠭᠡ ᠬᠠᠮᠡᠭᠠᠯᠡᠬᠤ ᠨᠡᠶᠢᠭᠡᠮᠯᠢᠭ  ᠠᠳᠤᠭᠤ ᠶᠢ ᠡᠷᠯᠢᠰᠡᠵᠢᠭᠦᠯᠬᠦ ᠶᠢᠨ ᠲᠤᠯᠠᠳᠠ ᠮᠣᠩᠭᠤᠯ ᠠᠵᠢᠷᠭ᠎ᠠ ᠶᠢ ᠵᠡᠷᠡᠮᠳᠡᠭᠯᠡᠵᠦ ᠪᠠᠶᠢᠭ᠎ᠠ ᠠᠰᠠᠭᠤᠳᠠᠯ ᠤᠨ ᠲᠠᠯ᠎ᠠ ᠪᠠᠷ ᠮᠡᠳᠡᠭᠡᠯᠡᠯ ᠬᠢᠪᠡ᠃

︽ᠮᠣᠩᠭᠤᠯ  ᠠᠳᠤᠭᠤ ︾ᠨᠡᠶᠢᠭᠡᠮᠯᠢᠭ ᠤᠨ ᠤᠳᠤᠷᠢᠳᠬᠤ ᠵᠥᠪᠯᠡᠯ ᠤᠨ ᠲᠥᠯᠦᠭᠡᠯᠡᠯ᠄ ᠮᠣᠩᠭᠤᠯ ᠠᠵᠢᠷᠭ᠎ᠠ ᠶᠢ ᠬᠡᠷᠴᠡᠭᠡᠢ ᠪᠠᠷ ᠵᠡᠷᠡᠮᠳᠡᠭᠯᠡᠬᠦ ᠪᠠᠨ ᠵᠣᠭᠰᠤᠭ᠎ᠠ᠃ ᠮᠣᠷᠢᠨ ᠤ ᠨᠢᠷᠤᠭᠤᠨ ᠳᠡᠭᠡᠷ᠎ᠡ ᠥᠰᠴᠦ ᠲᠣᠷᠨᠢᠭᠰᠠᠨ ᠮᠣᠩᠭᠤᠯ ᠡᠷ᠎ᠡ ᠬᠥᠮᠦᠨ ᠠᠵᠢᠷᠭᠠᠨ ᠤ ᠪᠠᠨ ᠵᠠᠰᠠᠭ᠎ᠠ ᠶᠢ ᠲᠠᠭᠠᠷᠢᠵᠤ ᠪᠠᠶᠢᠨ᠎ᠡ᠃ ᠮᠣᠩᠭᠤᠯ ᠠᠵᠢᠷᠭ᠎ᠠ ᠶᠢ ᠤᠨᠲᠠᠭᠤᠯᠵᠤ ᠪᠠᠶᠢᠭᠠᠳ ᠰᠡᠯᠳᠡ ᠶᠢ ᠨᠢ ᠬᠢᠷᠭᠠᠵᠤ ᠪᠠᠶᠢᠨ᠎ᠡ᠃ ᠲᠣᠳᠣᠷᠠᠭᠤᠯᠪᠠᠯ᠂ ᠴᠡᠪᠡᠷ ᠴᠢᠰᠤᠨ ᠤ ᠪᠤᠶᠤ ᠡᠷᠯᠢᠰᠡ ᠠᠵᠢᠷᠭ᠎ᠠ ᠶᠢ ᠣᠷᠣᠭᠤᠯᠵᠤ ᠢᠷᠠᠵᠤ ᠪᠠᠶᠢᠭ᠎ᠠ ᠬᠥᠮᠥᠰ ᠦᠷ᠎ᠡ ᠲᠥᠯ ᠢᠶᠠᠷ ᠨᠢ ᠠᠰᠢᠭ ᠣᠯᠵᠤ ᠪᠠᠶᠢᠨ᠎ᠡ᠃ ᠨᠢᠭᠡ  ᠡᠷᠯᠢᠰᠡ ᠠᠵᠢᠷᠭᠠᠨ ᠳᠤ 40-50 ᠭᠡᠭᠦᠦ ᠬᠤᠷᠢᠶᠠᠯᠭᠠᠵᠤ᠂ ᠬᠡᠭᠡᠯᠲᠦᠭᠦᠯᠵᠦ ᠪᠠᠶᠢᠨ᠎ᠡ᠃ ᠬᠠᠷᠢᠨ ᠬᠡᠭᠡᠯ ᠲᠠᠢ ᠭᠡᠭᠦᠦ ᠶᠢ ᠨᠢ ᠬᠠᠮᠡᠭᠠᠯᠡᠬᠤ ᠠᠵᠢᠯ ᠢ ᠮᠣᠩᠭᠤᠯ ᠠᠵᠢᠷᠭ᠎ᠠ ᠬᠢᠳᠡᠭ᠃
ᠮᠣᠩᠭᠤᠯ ᠤᠯᠤᠰ ᠤᠨ ᠶᠡᠷᠦᠩᠬᠡᠶᠢᠯᠡᠭᠴᠢ ᠪᠤᠯᠦᠠ ᠬᠦᠨᠡᠰᠦ ᠬᠦᠳᠡᠭᠡ ᠠᠵᠤ ᠠᠬᠤᠢ ᠬᠦᠩᠭᠡᠨ ᠦᠢᠯᠡᠳᠪᠤᠷᠢ   ᠶᠢᠨ ᠰᠠᠶᠢᠳ ᠲᠤ ᠮᠣᠩᠭᠤᠯ ᠤᠯᠤᠰ ᠲᠤ ᠡᠷᠯᠢᠰᠡ ᠠᠵᠢᠷᠭ᠎ᠠ ᠶᠢ ᠦᠷᠡᠵᠢᠭᠦᠯᠭᠡ ᠶᠢᠨ ᠵᠣᠷᠢᠯᠭ᠎ᠠ ᠪᠠᠷ ᠣᠷᠣᠭᠤᠯᠵᠤ ᠢᠷᠡᠬᠦ ᠶᠢ ᠬᠠᠲᠠᠭᠤ ᠬᠤᠷᠢᠭᠯᠠᠵᠤ ᠥᠭᠬᠦ ᠶᠢ  ᠬᠦᠰᠡᠭᠰᠡᠨ ᠠᠯᠪᠠᠨ ᠱᠠᠭᠠᠷᠳᠠᠯᠭ᠎ᠠ ᠬᠦᠷᠭᠡᠭᠦᠯᠵᠦ ᠪᠠᠶᠢᠨ᠎ᠡ ᠭᠡᠪᠡ᠃

ᠰᠡᠳᠬᠢᠭᠳᠡᠯ ᠦᠯᠡᠳᠡᠭᠡᠬᠦ