ᠠᠷᠠᠳ ᠢᠷᠭᠡᠳ ᠬᠡᠮᠨᠡᠯᠲᠡ ᠶᠢᠨ ᠭᠤᠷᠢᠮ ᠳᠤ ᠰᠢᠯᠵᠢᠬᠦ ᠱᠠᠭᠠᠷᠳᠠᠯᠭ᠎ᠠ ᠲᠤᠯᠭᠠᠷᠠᠵᠤ ᠪᠠᠶᠢᠨ᠎ᠡ | News.MN

ᠠᠷᠠᠳ ᠢᠷᠭᠡᠳ ᠬᠡᠮᠨᠡᠯᠲᠡ ᠶᠢᠨ ᠭᠤᠷᠢᠮ ᠳᠤ ᠰᠢᠯᠵᠢᠬᠦ ᠱᠠᠭᠠᠷᠳᠠᠯᠭ᠎ᠠ ᠲᠤᠯᠭᠠᠷᠠᠵᠤ ᠪᠠᠶᠢᠨ᠎ᠡ

ᠥᠴᠥᠭᠡᠳᠦᠷ  ᠤᠯᠤᠰ ᠤᠨ ᠶᠡᠭᠡ ᠬᠤᠷᠠᠯ ᠤᠨ ᠴᠢᠭᠤᠯᠭᠠᠨ ᠤ ᠬᠤᠷᠠᠯᠳᠤᠭᠠᠨ ᠤ ᠦᠶ᠎ᠡ ᠪᠠᠷ  ᠤᠯᠤᠰ ᠤᠨ ᠶᠡᠭᠡ ᠬᠤᠷᠠᠯ  ᠤᠨ ᠳᠠᠷᠤᠭ᠎ᠠ ᠬ᠋᠊ ·ᠽᠠᠨᠳᠠᠨᠰᠢᠲᠠᠷ᠎ᠠ᠄ ᠳᠡᠯᠡᠬᠡᠢ ᠳ᠋ᠠᠬᠢᠨ᠎ᠠ ᠡᠭᠦᠰᠦᠭᠡᠳ ᠪᠤᠶ ᠨᠥᠬᠦᠴᠡᠯ ᠪᠠᠶᠢᠳᠠᠯ ᠤᠨ ᠮᠣᠩᠭᠤᠯ ᠳᠤ ᠲᠣᠰᠣᠭᠰᠠᠨ︽ᠰᠡᠭᠦᠳᠡᠷ︾ ᠢ ᠣᠶᠢᠯᠠᠭᠠᠵᠤ᠂ ᠤᠯᠤᠰ ᠲᠥᠷᠦ ᠶᠢᠨ ᠬᠦᠴᠦ ᠨᠦᠭᠦᠳ ᠠᠰᠠᠭᠤᠳᠠᠯ ᠤᠳ ᠢ ᠬᠡᠲᠦ ᠤᠯᠤᠰ ᠲᠥᠷᠦᠵᠢᠭᠦᠯᠬᠦ ᠦᠭᠡᠢ᠂ ᠭᠠᠳᠠᠭᠠᠳᠤ ᠬᠠᠷᠢᠯᠴᠠᠭ᠎ᠠ᠂ ᠣᠯᠠᠨ ᠤᠯᠤᠰ ᠤᠨ ᠪᠠᠶᠢᠳᠠᠯ ᠳᠤ ᠲᠦᠢᠯᠰᠢᠷᠠᠯ ᠦᠭᠡᠢ ᠮᠣᠩᠭᠤᠯ ᠤᠯᠤᠰ ᠤᠨ ᠡᠩᠬᠡ ᠶᠢ ᠡᠷᠬᠢᠮᠯᠡᠭᠰᠡᠨ᠂ ᠣᠯᠠᠨ  ᠲᠤᠯᠭᠠᠭᠤᠷᠢᠲᠤ ᠭᠠᠳᠠᠭᠠᠳᠤ ᠪᠣᠳᠣᠯᠭ᠎ᠠ ᠶᠢᠨ ᠵᠠᠷᠴᠢᠮ ᠢ ᠬᠦᠨᠳᠦᠳᠬᠡᠵᠦ᠂ ᠨᠢᠭᠡ ᠰᠠᠨᠠᠭ᠎ᠠ ᠪᠣᠳᠣᠯ ᠲᠠᠢ ᠪᠠᠶᠢᠬᠤ ᠴᠠᠬ ᠦᠶ᠎ᠡ ᠲᠤᠯᠭᠠᠷᠠᠵᠤ ᠪᠠᠶᠢᠨ᠎ᠡ᠃ ᠬᠦᠨᠳᠦ ᠴᠠᠬ ᠦᠶ᠎ᠡ ᠲᠤᠯᠭᠠᠷᠠᠵᠤ ᠪᠠᠶᠢᠨ᠎ᠡ᠃
ᠬᠠᠮᠲᠤ ᠶᠢᠨ ᠬᠦᠴᠦ ᠪᠠᠷ᠂ ᠨᠡᠶᠢᠲᠡ ᠪᠠᠷ ᠢᠶᠠᠨ ᠬᠦᠴᠦ ᠪᠠᠨ ᠨᠢᠭᠡᠳᠬᠡᠵᠦ ᠪᠠᠶᠢᠵᠤ ᠬᠢᠮᠤᠷᠠᠯ᠂ ᠬᠦᠨᠳᠦᠷᠡᠯ ᠢ ᠳᠠᠪᠠᠨ ᠲᠤᠭᠤᠯᠤᠨ᠎ᠠ ᠭᠡᠳᠡᠭ ᠢ  ᠬᠠᠮᠢᠭ᠎ᠠ ᠬᠠᠮᠢᠭ᠎ᠠ ᠪᠠᠨ ᠦᠢᠯᠭᠠᠬᠤ ᠬᠡᠷᠡᠭ ᠲᠠᠢ᠃ ᠬᠢᠮᠤᠷᠠᠯ ᠭᠡᠳᠡᠭ ᠦᠭᠡ ᠶᠢᠨ ᠠᠷᠤ ᠳᠤ ᠪᠣᠯᠣᠮᠵᠢ ᠪᠠᠰᠠ  ᠪᠠᠶᠢᠳᠠᠭ ᠢ ᠰᠠᠨᠠᠵᠤ᠂ ᠵᠠᠰᠠᠭ ᠤᠨ ᠭᠠᠵᠠᠷ ᠬᠡᠲᠦ ᠦᠢᠮᠡᠯ ᠦᠭᠡᠢ᠂ ᠪᠠᠰᠠ  ᠬᠡᠲᠦ ᠲᠠᠶᠢᠪᠤᠰᠢᠷᠠᠯ ᠦᠭᠡᠢ ᠪᠠᠷ ᠣᠨᠤᠪᠴᠢᠲᠠᠢ᠂ ᠬᠤᠷᠳᠤ ᠲᠠᠢ ᠰᠢᠢᠳᠪᠦᠷᠢ ᠭᠠᠷᠭᠠᠵᠤ᠂ ᠣᠯᠠᠨ ᠨᠡᠶᠢᠲᠡ ᠶᠢᠨ ᠰᠠᠨᠠᠭ᠎ᠠ ᠪᠣᠳᠣᠯ ᠳᠤ ᠨᠡᠶᠢᠴᠡ ᠲᠠᠢ ᠪᠠᠷ ᠬᠡᠷᠡᠭᠵᠢᠭᠦᠯᠦᠨ᠎ᠡ ᠬᠡᠮᠡᠨ ᠢᠲᠡᠭᠡᠵᠦ ᠪᠠᠶᠢᠨ᠎ᠡ ᠭᠡᠯ᠎ᠡ᠃

ᠰᠡᠳᠬᠢᠭᠳᠡᠯ ᠦᠯᠡᠳᠡᠭᠡᠬᠦ