ᠵᠢᠯ ᠳᠤ 194 ᠮᠢᠩᠭᠠᠨ ᠲᠣᠨ ᠢ ᠨᠢ ᠯᠡ ᠳᠠᠬᠢᠨ ᠠᠰᠢᠭᠯᠠᠳᠠᠭ | News.MN

ᠵᠢᠯ ᠳᠤ 194 ᠮᠢᠩᠭᠠᠨ ᠲᠣᠨ ᠢ ᠨᠢ ᠯᠡ ᠳᠠᠬᠢᠨ ᠠᠰᠢᠭᠯᠠᠳᠠᠭ

ᠤᠯᠤᠰ ᠤᠨ ᠶᠡᠭᠡ ᠬᠤᠷᠠᠯ  ᠤᠨ ᠪᠠᠶᠢᠭᠠᠯᠢ ᠣᠷᠴᠢᠨ᠂ ᠬᠦᠨᠡᠰᠦ᠂ ᠬᠥᠳᠡᠭᠡ ᠠᠵᠤ ᠠᠬᠤᠢ ᠶᠢᠨ ᠪᠠᠶᠢᠩᠭᠤ ᠶᠢᠨ ᠬᠤᠷᠢᠶᠠᠨ ᠤ ᠥᠨᠥᠳᠥᠷ ᠤᠨ ᠬᠤᠷᠠᠯᠳᠤᠭᠠᠨ ᠢᠶᠠᠷ ᠮᠣᠩᠭᠤᠯ ᠤᠯᠤᠰ ᠢ 2021-2025 ᠣᠨ ᠳᠤ ᠬᠥᠭᠵᠢᠭᠦᠯᠬᠦ ᠲᠠᠪᠤᠨ ᠵᠢᠯ ᠤᠨ ᠦᠨᠳᠦᠰᠦᠨ ᠴᠢᠭᠯᠡᠯ ᠤᠨ ᠲᠤᠬᠠᠢ ᠶᠢᠨ ᠵᠢᠯ ᠤᠨ ᠭᠦᠢᠴᠡᠳᠬᠡᠯ ᠤᠨ ᠶᠠᠪᠤᠴᠠ ᠪᠤᠯᠦᠠ ᠵᠠᠰᠠᠭ ᠤᠨ ᠭᠠᠵᠠᠷ ᠤᠨ 2020-2024 ᠣᠨ ᠤ ᠦᠶᠯᠡ ᠠᠵᠢᠯᠯᠠᠭᠠᠨ ᠤ ᠬᠥᠲᠥᠯᠪᠦᠷᠢ ᠶᠢᠨ 2021 ᠣᠨ ᠤ ᠬᠡᠷᠡᠭᠵᠢᠯᠲᠡ ᠶᠢ ᠬᠡᠯᠡᠯᠴᠡᠯ᠎ᠡ᠃

︽ᠰᠢᠨ᠎ᠡ ᠰᠡᠷᠭᠦᠯᠲᠡ ᠶᠢᠨ ᠪᠣᠳᠤᠯᠭ᠎ᠠ︾ ᠳᠤ ᠲᠤᠰᠬᠠᠭᠳᠠᠭᠰᠠᠨ ᠬᠤᠭ ᠬᠠᠶᠠᠭᠳᠠᠯ ᠤᠨ  ᠲᠦᠷ ᠠᠭᠤᠯᠬᠤ ᠴᠡᠭ ᠢ 21 ᠠᠶᠢᠮᠠᠭ ᠲᠤ ᠪᠠᠶᠢᠭᠤᠯᠬᠤ ᠠᠴᠠ 2021 ᠣᠨ ᠳᠤ ᠵᠢᠷᠭᠤᠭ᠎ᠠ ᠶᠢ ᠪᠠᠶᠢᠭᠤᠯᠤᠭᠰᠠᠨ᠃ 2022 ᠣᠨ ᠳᠤ ᠳᠥᠷᠪᠡᠨ ᠠᠶᠢᠮᠠᠭ ᠲᠤ ᠲᠦᠷ ᠬᠠᠳᠠᠭᠠᠯᠠᠬᠤ ᠴᠡᠭ ᠪᠠᠶᠢᠭᠤᠯᠤᠨ᠎ᠠ᠃ 2017 ᠣᠨ ᠳᠤ ᠪᠠᠲᠤᠯᠠᠭᠳᠠᠭᠰᠠᠨ︽ᠬᠤᠭ ᠬᠠᠶᠠᠭᠳᠠᠯ ᠤᠨ ᠲᠤᠬᠠᠶ︾ᠬᠠᠤᠯᠢ ᠪᠠᠷ ᠬᠤᠭ ᠬᠠᠶᠠᠭᠳᠠᠯ ᠤᠨ ᠮᠧᠨᠧᠵᠮᠧᠨ᠋ᠲ ᠢ ᠣᠷᠣᠨ ᠨᠤᠲᠤᠭ ᠲᠤ ᠨᠢ ᠬᠠᠷᠢᠭᠤᠴᠠᠭᠤᠯᠬᠤ ᠪᠠᠷ ᠪᠣᠯᠣᠭᠰᠠᠨ᠃

ᠤᠯᠤᠰ ᠤᠨ ᠬᠡᠮᠵᠢᠶᠡᠨ ᠳᠤ ᠵᠢᠯ ᠳᠤ 4.5  ᠰᠠᠶ᠎ᠠ ᠲᠣᠨ ᠬᠤᠭ ᠭᠠᠷᠴᠤ ᠪᠠᠶᠢᠭ᠎ᠠ ᠠᠴᠠ  ᠶᠡᠷᠦ ᠳᠦ ᠪᠡᠨ 194 ᠮᠢᠩᠭᠠᠨ ᠲᠣᠨ ᠢ ᠯᠡ ᠳᠠᠬᠢᠨ ᠠᠰᠢᠭᠯᠠᠵᠤ ᠪᠠᠶᠢᠨ᠎ᠡ᠃ ᠲᠡᠶᠢᠮᠦ ᠠᠴᠠ ᠠᠶᠢᠮᠠᠭ ᠤᠳ ᠲᠤ ᠬᠤᠭ ᠢ ᠳᠠᠬᠢᠨ ᠠᠰᠢᠭᠯᠠᠬᠤ᠂ ᠡᠷᠢᠯᠲᠡ ᠶᠢ ᠪᠤᠢ ᠪᠣᠯᠭᠠᠬᠤ ᠲᠠᠯ᠎ᠠ ᠪᠠᠷ ᠡᠭᠦᠷᠭᠡ ᠴᠢᠭᠯᠡᠯ ᠥᠭᠭᠦᠭᠡᠳ ᠪᠠᠶᠢᠨ᠎ᠡ᠃

ᠰᠡᠳᠬᠢᠭᠳᠡᠯ ᠦᠯᠡᠳᠡᠭᠡᠬᠦ