ᠳᠠᠭᠤᠳᠠᠯᠭ᠎ᠠ ᠬᠤᠳᠠᠯᠳᠤᠭ᠎ᠠ ᠪᠠᠷ ᠨᠡᠶᠢᠰᠯᠡᠯ ᠤᠨ ᠲᠥᠰᠦᠪ ᠲᠦ 923.4 ᠰᠠᠶ᠎ᠠ ᠲᠦᠭᠦᠷᠢᠭ ᠲᠥᠪᠯᠡᠷᠡᠭᠦᠯᠦᠨ᠎ᠡ | News.MN

ᠳᠠᠭᠤᠳᠠᠯᠭ᠎ᠠ ᠬᠤᠳᠠᠯᠳᠤᠭ᠎ᠠ ᠪᠠᠷ ᠨᠡᠶᠢᠰᠯᠡᠯ ᠤᠨ ᠲᠥᠰᠦᠪ ᠲᠦ 923.4 ᠰᠠᠶ᠎ᠠ ᠲᠦᠭᠦᠷᠢᠭ ᠲᠥᠪᠯᠡᠷᠡᠭᠦᠯᠦᠨ᠎ᠡ

ᠡᠨᠡ ᠣᠨ ᠤ ᠡᠬᠢᠨ ᠤ ᠡᠭᠡᠯᠵᠢ ᠶᠢᠨ ᠭᠠᠵᠠᠷ ᠤᠨ ᠴᠠᠬᠢᠮ ᠳᠠᠭᠤᠳᠠᠯᠭ᠎ᠠ ᠬᠤᠳᠠᠯᠳᠤᠭ᠎ᠠ ᠵᠣᠬᠢᠶᠠᠨ ᠪᠠᠶᠢᠭᠤᠯᠤᠭᠳᠠᠵᠤ᠂ ᠨᠡᠶᠢᠰᠯᠡᠯ ᠤᠨ ᠲᠥᠰᠦᠪ ᠲᠦ 923.4  ᠰᠠᠶ᠎ᠠ ᠲᠥᠭᠦᠷᠢᠭ ᠲᠥᠪᠯᠡᠷᠡᠭᠦᠯᠬᠦ ᠪᠠᠷ ᠪᠣᠯᠣᠭᠰᠠᠨ ᠲᠠᠯ᠎ᠠ ᠪᠠᠷ ᠨᠡᠶᠢᠰᠯᠡᠯ ᠤᠨ ᠭᠠᠵᠠᠷ ᠵᠣᠬᠢᠶᠠᠨ ᠪᠠᠶᠢᠭᠤᠯᠤᠯᠲᠠ ᠶᠢᠨ ᠠᠯᠪᠠ  ᠮᠡᠳᠡᠭᠡᠯᠡᠯ᠎ᠡ᠃ ᠳᠠᠭᠤᠳᠠᠯᠭ᠎ᠠ ᠬᠤᠳᠠᠯᠳᠤᠭᠠᠨ ᠳᠤ ᠵᠠᠷᠯᠠᠭᠳᠠᠭᠰᠠᠨ ᠨᠡᠶᠢᠰᠯᠡᠯ ᠤᠨ 19 ᠪᠠᠶᠢᠷᠢᠰᠢᠯ ᠠᠴᠠ 12 ᠪᠠᠶᠢᠷᠢᠰᠢᠯ ᠳᠤ ᠨᠢ ᠢᠯᠠᠭᠴᠢ ᠲᠣᠳᠤᠷᠠᠭᠰᠠᠨ ᠪᠠᠶᠢᠨ᠎ᠡ᠃ ᠨᠡᠶᠢᠲᠡ 17.5 ᠭᠠ ᠭᠠᠵᠠᠷ ᠠᠴᠠ 9.48 ᠭᠠ ᠭᠠᠵᠠᠷ ᠢ ᠭᠠᠵᠠᠷ ᠤᠨ ᠪᠢᠷᠵᠢ ᠶᠢᠨ ᠴᠠᠬᠢᠮ ᠰᠢᠰᠲ᠋ᠧᠮ ᠢᠶᠠᠷ ᠬᠤᠳᠠᠯᠳᠤᠭᠠᠯᠠᠵᠠᠢ᠃
ᠬᠠᠷᠢᠨ ᠬᠤᠶᠠᠷ ᠪᠤᠯᠦᠠ ᠭᠤᠷᠪᠠᠨ ᠡᠭᠡᠯᠵᠢ ᠶᠢᠨ ᠭᠠᠵᠠᠷ ᠤᠨ ᠴᠠᠬᠢᠮ ᠳᠠᠭᠤᠳᠠᠯᠭ᠎ᠠ ᠬᠤᠳᠠᠯᠳᠤᠭ᠎ᠠ ᠢᠷᠡᠬᠦ ᠰᠠᠷ᠎ᠠ ᠶᠢᠨ 6᠂ 27 ᠤ ᠡᠳᠦᠷ ᠤᠳ ᠲᠤ ᠵᠣᠬᠢᠶᠠᠨ ᠪᠠᠶᠢᠭᠤᠯᠤᠭᠳᠠᠬᠤ ᠪᠠᠷ ᠲᠤᠪᠯᠠᠭᠳᠠᠭᠰᠠᠨ ᠪᠠᠶᠢᠨ᠎ᠡ᠃ 2022 ᠣᠨ ᠳᠤ ᠨᠡᠶᠢᠲᠡ ᠲᠠᠪᠤᠨ ᠤᠳᠠᠭ᠎ᠠ ᠶᠢᠨ ᠳᠠᠭᠤᠳᠠᠯᠭ᠎ᠠ ᠬᠤᠳᠠᠯᠳᠤᠭ᠎ᠠ ᠪᠠᠷ 94 ᠪᠠᠶᠢᠷᠢᠰᠢᠯ ᠳᠤ ᠭᠠᠵᠠᠷ ᠡᠵᠡᠮᠰᠢᠭᠦᠯᠬᠦ᠂ ᠠᠰᠢᠭᠯᠠᠭᠤᠯᠬᠤ ᠡᠷᠭᠡ ᠬᠤᠳᠠᠯᠳᠤᠬᠤ ᠪᠠᠷ ᠲᠦᠯᠦᠪᠯᠡᠭᠰᠡᠨ ᠢ ᠨᠡᠶᠢᠰᠯᠡᠯ ᠤᠨ ᠭᠠᠵᠠᠷ ᠵᠣᠬᠢᠶᠠᠨ ᠪᠠᠶᠢᠭᠤᠯᠤᠯᠲᠠ ᠶᠢᠨ ᠠᠯᠪᠠ  ᠮᠡᠳᠡᠭᠡᠯᠡᠯ᠎ᠡ᠃ ᠡᠭᠦᠨ ᠳᠤ ᠨᠡᠶᠢᠲᠡ 138 ᠭᠠ ᠭᠠᠵᠠᠷ ᠪᠠᠭᠲᠠᠵᠤ ᠪᠠᠶᠢᠭ᠎ᠠ ᠶᠤᠮ᠃

 

ᠰᠡᠳᠬᠢᠭᠳᠡᠯ ᠦᠯᠡᠳᠡᠭᠡᠬᠦ