ᠴᠥᠮ᠎ᠡ ᠶᠢᠨ ᠡᠨᠧᠷᠭᠢ ᠶᠢᠨ ᠺᠣᠮᠢᠰᠰ ᠤᠯᠤᠰ ᠤᠨ ᠶᠡᠭᠡ ᠬᠤᠷᠠᠯ ᠳᠦ ᠠᠵᠢᠯ ᠢᠶᠠᠨ ᠲᠠᠢᠯᠤᠩᠨᠠᠯᠠ᠃ ᠣᠳᠣ ᠶᠢᠨ ᠪᠠᠶᠢᠳᠠᠯ ᠢᠶᠠᠷ ᠮᠣᠩᠭᠤᠯ ᠤᠯᠤᠰ ᠲᠤ ᠦᠷᠡᠨ ᠤ 13 ᠣᠷᠳᠤ︵ᠳᠣᠷᠣᠨᠠᠲᠤ᠂ ᠭᠤᠷᠪᠠᠨ ᠪᠤᠯᠠᠭ᠂ ᠤᠯᠠᠭᠠᠨ᠂ ᠨᠡᠮᠡᠷᠢ᠂ ᠮᠠᠷᠳᠠᠶ ᠶᠢᠨ ᠭᠤᠣᠯ᠂ ᠬᠠᠷᠢᠶᠠᠲᠤ᠂ ᠬᠠᠶᠢᠷᠬᠠᠨ᠂ ᠭᠤᠷᠪᠠᠨᠰᠠᠶᠢᠬᠠᠨ᠂ ᠥᠯᠵᠡᠶᠢᠲᠦ᠂ ᠲᠤᠯᠡᠭᠠᠠ ᠠᠭᠤᠯᠠ᠂ ᠵᠦᠭᠡᠭᠡᠪᠴᠢ ᠣᠪᠤᠭ᠎ᠠ᠂ ᠡᠩᠭᠡᠷ ᠠᠷᠤ᠂ ᠳᠠᠯᠤᠲᠤ︶ ᠶᠢᠨ 192,241.02 ᠲᠣᠨ ᠭᠧᠣᠯᠣᠭᠢ ᠶᠢᠨ ᠨᠥᠭᠡᠴᠡ ᠪᠦᠷᠢᠳᠬᠡᠭᠳᠡᠵᠡᠢ᠃ ᠡᠭᠦᠨ ᠠᠴᠠ 11 ᠣᠷᠳᠣ ᠶᠢᠨ ᠨᠥᠭᠡᠴᠡ ᠶᠢ ᠨᠢ ᠡᠷᠦᠳᠡᠰᠦ ᠪᠠᠶᠠᠯᠢᠭ ᠤᠨ ᠮᠡᠷᠭᠡᠵᠢᠯ ᠤᠨ ᠵᠥᠪᠯᠡᠯ ᠤᠨ ᠬᠤᠷᠠᠯ ᠢᠶᠠᠷ ᠬᠡᠯᠡᠯᠴᠡᠨ ᠪᠦᠷᠢᠳᠬᠡᠵᠦ ᠠᠪᠴᠠᠢ᠃
ᠮᠦᠠ ᠳᠥᠷᠪᠡᠨ ᠠᠶᠢᠮᠠᠭ ᠤᠨ 10 ᠰᠤᠮᠤ ᠶᠢᠨ ᠨᠤᠲᠤᠭ ᠲᠤ ᠨᠡᠶᠢᠲᠡ 121 ᠮᠢᠩᠭᠠᠨ ᠡᠾᠧᠺᠲ᠋ᠠᠷ ᠲᠠᠯᠠᠪᠠᠢ ᠳᠤ ᠵᠢᠷᠭᠤᠭᠠᠨ ᠠᠵᠤ ᠠᠬᠤᠢ ᠶᠢᠨ ᠨᠢᠭᠡᠴᠢ ᠰᠠᠴᠤᠷᠠᠭ ᠢᠳᠡᠪᠬᠢᠲᠦ ᠠᠰᠢᠭᠲᠤ ᠮᠠᠯᠲᠠᠮᠠᠯ ᠤᠨ ᠠᠰᠢᠭᠯᠠᠯᠲᠠ ᠶᠢᠨ ᠨᠠᠢᠮᠠ᠂ ᠬᠠᠶᠢᠭᠤᠯ ᠤᠨ ᠳᠥᠷᠪᠡᠨ ᠲᠤᠰᠬᠠᠶ ᠵᠥᠪᠰᠢᠶᠡᠷᠡᠯ ᠤᠨ ᠬᠦᠴᠦᠨ ᠲᠡᠬᠦᠯᠳᠡᠷ ᠪᠦᠷᠢᠳᠬᠡᠯ ᠲᠠᠢ ᠪᠠᠶᠢᠨ᠎ᠡ᠃ ᠡᠨᠡ ᠨᠢ ᠮᠣᠩᠭᠤᠯ ᠤᠯᠤᠰ ᠤᠨ ᠨᠡᠶᠢᠲᠡ ᠨᠤᠳᠤᠬ ᠳᠡᠪᠢᠰᠬᠡᠷ ᠤᠨ 0.07 ᠬᠤᠪᠢ ᠶᠢ ᠡᠵᠡᠯᠡᠵᠦ ᠪᠠᠶᠢᠭ᠎ᠠ ᠪᠥᠭᠡᠳ 2009 ᠣᠨ ᠲᠠᠢ ᠬᠠᠷᠢᠴᠠᠭᠤᠯᠬᠤ ᠳᠤ 37 ᠳᠠᠬᠢᠨ ᠪᠠᠭᠤᠷᠠᠭᠰᠠᠨ ᠦᠵᠡᠭᠦᠯᠦᠯᠲᠡ ᠲᠠᠢ ᠪᠠᠶᠢᠭ᠎ᠠ ᠠᠵᠠᠢ᠃ ᠡᠳᠡᠭᠡᠷ ᠲᠤᠰᠬᠠᠶ ᠵᠥᠪᠰᠢᠶᠡᠷᠡᠯ ᠢ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ᠂ ᠪᠦᠭᠦᠳᠡ ᠨᠠᠢᠷᠠᠮᠳᠠᠬᠤ ᠹᠢᠨᠯᠠᠨᠳ᠋ ᠤᠯᠤᠰ᠂ ᠪᠦᠬᠦᠳᠠ ᠨᠠᠶᠢᠷᠠᠮᠳᠠᠬᠤ ᠴᠧᠾ ᠤᠯᠤᠰ ᠤᠨ ᠬᠥᠷᠥᠩᠭᠡ ᠣᠷᠤᠭᠤᠯᠤᠯᠲᠠ ᠲᠠᠢ ᠳᠥᠷᠪᠡ᠂ ᠳᠣᠲᠣᠭᠠᠳᠤ ᠶᠢᠨ ᠬᠤᠶᠠᠷ ᠠᠵᠤ ᠠᠬᠤᠢ ᠶᠢᠨ ᠨᠢᠭᠡᠴᠢ ᠡᠵᠡᠮᠰᠢᠳᠡᠭ ᠶᠤᠮ ᠪᠠᠶᠢᠨ᠎ᠡ᠃