ᠡᠨᠡᠳᠬᠡᠭ ᠠᠴᠠ ᠮᠣᠩᠭᠤᠯ ᠳᠤ ᠬᠢᠵᠦ ᠪᠤᠶ ᠢᠮᠫᠣᠷᠲ 30 ᠰᠠᠶ᠎ᠠ ᠳ᠋ᠣᠯᠯᠠᠷ ᠲᠤ ᠬᠦᠷᠴᠡᠢ | News.MN

ᠡᠨᠡᠳᠬᠡᠭ ᠠᠴᠠ ᠮᠣᠩᠭᠤᠯ ᠳᠤ ᠬᠢᠵᠦ ᠪᠤᠶ ᠢᠮᠫᠣᠷᠲ 30 ᠰᠠᠶ᠎ᠠ ᠳ᠋ᠣᠯᠯᠠᠷ ᠲᠤ ᠬᠦᠷᠴᠡᠢ

︽ᠮᠣᠩᠭᠤᠯ ᠡᠨᠡᠳᠬᠡᠭ ᠦᠨ ᠬᠤᠳᠠᠯᠳᠤᠭ᠎ᠠ᠂ ᠲᠧᠭᠨᠣᠯᠣᠭᠢ᠂ ᠠᠶᠠᠯᠠᠯ ᠵᠢᠭᠤᠯᠴᠢᠯᠠᠯ ᠤᠨ ᠬᠠᠮᠲᠤ ᠶᠢᠨ ᠠᠵᠢᠯᠯᠠᠭ᠎ᠠ ᠶᠢ ᠥᠷᠭᠡᠵᠢᠭᠦᠯᠬᠦ ᠨᠢ︾ᠰᠡᠳᠦᠪᠲᠦ ᠠᠭᠤᠯᠵᠠᠯᠲᠠ ᠬᠡᠯᠡᠯᠴᠡᠭᠦᠯᠭᠡ ᠳᠤ ᠡᠨᠡᠳᠬᠡᠭ  ᠤᠨ ᠡᠯᠴᠢᠨ ᠰᠠᠶᠢᠳ ᠮ᠊∙ᠫ∙ᠰᠢᠩᠾ᠂ ᠮᠣᠩᠭᠤᠯ ᠤᠯᠤᠰ ᠠᠴᠠ ᠡᠨᠡᠳᠬᠡᠭ ᠤᠯᠤᠰ ᠲᠤ ᠰᠠᠭᠤᠵᠤ ᠪᠠᠶᠢᠭᠰᠠᠨ ᠡᠯᠴᠢᠨ ᠰᠠᠶᠢᠳ ᠠᠰᠠᠨ ᠬ᠋᠊·ᠭᠠᠩᠪᠣᠯᠣᠳ ᠨᠠᠷ ᠤᠨ ᠠᠯᠪᠠᠨ ᠤ ᠬᠥᠮᠥᠰ᠂ ᠮᠣᠩᠭᠤᠯ ᠡᠨᠡᠳᠬᠡᠭ ᠤᠨ ᠪᠢᠽᠢᠨᠧᠰ ᠤᠨ ᠲᠥᠯᠦᠭᠡᠯᠡᠯ ᠣᠷᠣᠯᠴᠠᠵᠤ ᠪᠠᠶᠢᠨ᠎ᠡ᠃ ᠠᠭᠤᠯᠵᠠᠯᠲᠠ ᠶᠢ ᠮᠤᠩᠭᠤᠯ ᠤᠨ ᠦᠨᠳᠦᠰᠦᠨ ᠦ ᠬᠤᠳᠠᠯᠳᠤᠭ᠎ᠠ ᠠᠵᠤ ᠦᠢᠯᠡᠳᠪᠤᠷᠢ ᠶᠢᠨ ᠲᠠᠩᠬᠢᠮ ᠤᠨ ᠶᠡᠷᠦᠩᠬᠡᠶᠢᠯᠡᠭᠴᠢ ᠣ᠊ ·ᠠᠮᠤᠷᠲᠦ᠋ᠪᠰᠢᠨ ᠨᠡᠭᠡᠭᠡᠵᠦ ᠦᠭᠡ ᠬᠡᠯᠡᠬᠦ ᠳᠤ ᠪᠠᠨ᠂ ᠬᠤᠶᠠᠷ ᠤᠯᠤᠰ ᠤᠨ ᠬᠤᠭᠤᠷᠦᠡᠳᠦ ᠬᠤᠳᠠᠯᠳᠤᠭ᠎ᠠ᠂ ᠡᠳ᠋ ᠤᠨ ᠵᠠᠰᠠᠭ ᠤᠨ ᠬᠤᠪᠢ ᠳᠤ ᠭᠠᠵᠠᠷ ᠤᠨ ᠲᠣᠰᠤ᠂ ᠠᠶᠠᠯᠠᠯ ᠵᠢᠭᠤᠯᠴᠢᠯᠠᠯ᠂  ᠡᠮ ᠤᠨ ᠦᠶᠯᠡᠳᠪᠦᠷᠢᠯᠡᠯ᠂ ᠮᠡᠳᠡᠭᠡᠯᠡᠯ ᠤᠨ  ᠲᠧᠻᠨᠣᠯᠣᠭᠢ ᠶᠢᠨ ᠰᠠᠯᠪᠤᠷᠢ ᠳᠤ ᠬᠠᠮᠲᠤᠷᠠᠨ ᠠᠵᠢᠯᠯᠠᠬᠤ ᠶᠡᠬᠡᠭᠡᠬᠡᠨ ᠨᠥᠭᠡᠴᠡ ᠪᠣᠯᠤᠯᠴᠠᠭ᠎ᠠ ᠪᠤᠢ ᠶᠢ ᠲᠡᠮᠳᠡᠭᠯᠡᠪᠡ᠃
ᠮᠠᠨ ᠤ  ᠤᠯᠤᠰ ᠡᠨᠡᠳᠬᠡᠭ ᠡᠴᠡ ᠲᠥᠷᠥᠯ ᠪᠦᠷᠢ ᠶᠢᠨ  ᠡᠮ᠂  ᠡᠮ ᠤᠨ ᠪᠦᠲᠦᠭᠡᠭᠳᠡᠬᠦᠨ᠂ ᠮᠠᠯ ᠤᠨ ᠸᠠᠺᠼᠢᠨ᠂  ᠴᠠᠢ᠂ ᠡᠯᠡᠰᠦᠨ ᠰᠢᠬᠢᠷ᠂ ᠤᠲᠠᠰᠤᠨ ᠬᠤᠯᠪᠤᠭᠠᠨ ᠤ ᠲᠧᠭᠨᠢᠭ᠂ ᠲᠣᠨᠤᠭ ᠲᠥᠬᠦᠭᠡᠷᠦᠮᠵᠢ᠂ ᠠᠴᠢᠶᠠᠨ ᠤ ᠮᠠᠰᠢᠨ ᠢᠮᠫᠣᠷᠲ ᠢᠶᠠᠷ ᠠᠪᠴᠤ ᠪᠠᠶᠢᠨ᠎ᠡ᠃ ᠲᠤᠰ ᠤᠯᠤᠰ ᠠᠴᠠ ᠬᠢᠵᠦ ᠪᠤᠶ ᠢᠮᠫᠣᠷᠲ ᠦᠡᠭᠭᠡᠷᠡᠭᠰᠡᠠ ᠣᠨ ᠳᠤ 30 ᠣᠷᠴᠢᠮ  ᠰᠠᠶ᠎ᠠ ᠳ᠋ᠣᠯᠯᠠᠷ ᠲᠤ ᠬᠦᠷᠴᠡᠢ᠃

ᠡᠨᠡᠦᠡᠭᠡᠭ ᠤᠯᠤᠰ ᠲᠤ ᠮᠠᠨ ᠤ ᠤᠯᠤᠰ ᠺᠣᠺᠰᠵᠢᠭᠰᠠᠨ ᠨᠡᠭᠦᠷᠡᠰᠦ᠂ ᠬᠠᠶᠢᠯᠤᠭᠤᠷ ᠵᠣᠩᠰᠢ᠂ ᠵᠡᠰ ᠤᠨ ᠪᠠᠶᠠᠵᠢᠮᠠᠯ᠂ ᠲᠡᠮᠦᠷ ᠤᠨ ᠬᠦᠳᠡᠷ᠂ ᠦᠷᠠᠨ ᠵᠡᠷᠭᠡ ᠠᠰᠢᠭ ᠲᠤ ᠮᠠᠯᠲᠠᠮᠠᠯ ᠨᠡᠶᠢᠯᠡᠭᠦᠯᠵᠦ ᠪᠠᠶᠢᠨ᠎ᠡ᠃

ᠰᠡᠳᠬᠢᠭᠳᠡᠯ ᠦᠯᠡᠳᠡᠭᠡᠬᠦ