︽ᠲᠡᠷᠪᠤᠮ ᠮᠣᠳᠤ︾ᠬᠥᠳᠡᠯᠭᠡᠭᠡᠨ ᠮᠣᠩᠭᠤᠯ᠂ ᠶᠠᠫᠣᠨ ᠤ ᠬᠠᠷᠢᠯᠴᠠᠭᠠᠨ ᠤ ᠰᠢᠨ᠎ᠡ ᠰᠠᠯᠪᠤᠷᠢ ᠪᠣᠯᠤᠨ᠎ᠠ | News.MN

︽ᠲᠡᠷᠪᠤᠮ ᠮᠣᠳᠤ︾ᠬᠥᠳᠡᠯᠭᠡᠭᠡᠨ ᠮᠣᠩᠭᠤᠯ᠂ ᠶᠠᠫᠣᠨ ᠤ ᠬᠠᠷᠢᠯᠴᠠᠭᠠᠨ ᠤ ᠰᠢᠨ᠎ᠡ ᠰᠠᠯᠪᠤᠷᠢ ᠪᠣᠯᠤᠨ᠎ᠠ

ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠠᠭ᠎ᠠ ᠪᠠᠷ ᠵᠣᠬᠢᠶᠠᠨ ᠪᠠᠶᠢᠭᠤᠯᠵᠤ ᠪᠤᠶ︽ᠨᠣᠭᠤᠭᠠᠨ ᠰᠠᠩᠬᠦᠦᠵᠢᠯᠲᠡ ᠪᠦᠰᠡ ᠨᠤᠲᠤᠭ ᠤᠨ ᠴᠢᠭᠤᠯᠭᠠᠨ︾ᠲᠥᠷᠦ ᠶᠢᠨ ᠣᠷᠳᠣᠨ ᠳᠤ ᠦᠷᠭᠦᠯᠵᠢᠯᠡᠵᠦ ᠪᠠᠶᠢᠨ᠎ᠡ᠃ ᠡᠨᠡ ᠬᠦ ᠬᠡᠯᠡᠯᠴᠡᠭᠦᠯᠭᠡ ᠶᠢᠨ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ ᠲᠠᠢ ᠲᠡᠮᠡᠴᠡᠬᠦ ᠪᠦᠰᠡ ᠨᠤᠲᠤᠭ ᠤᠨ ᠬᠠᠮᠲᠤ ᠶᠢᠨ ᠠᠵᠢᠯᠯᠠᠭ᠎ᠠ ᠬᠡᠰᠡᠭ ᠲᠤ ᠶᠠᠫᠤᠨ ᠤᠯᠤᠰ ᠠᠴᠠ ᠮᠣᠩᠭᠤᠯ ᠤᠯᠤᠰ ᠲᠤ ᠰᠠᠭᠤᠭ᠎ᠠ ᠡᠯᠴᠢᠨ ᠰᠠᠶᠢᠳ ᠬ᠊·ᠺᠤᠪᠠᠶᠠᠰᠢ ᠣᠷᠣᠯᠴᠠᠵᠤ ᠪᠠᠶᠢᠷᠢ ᠰᠠᠭᠤᠷᠢ ᠪᠠᠨ ᠢᠯᠡᠷᠬᠡᠢᠯᠡᠯ᠎ᠡ᠃

ᠠᠭᠤᠷ ᠠᠮᠢᠰᠬᠤᠯ ᠤᠨ ᠥᠭᠡᠷᠡᠴᠢᠯᠡᠯᠲᠡ ᠶᠢᠨ ᠤᠯᠠᠮ ᠠᠴᠠ ᠴᠥᠯᠵᠢᠯᠲᠡ ᠨᠢ  ᠤᠯᠤᠰ᠂ ᠪᠦᠰᠡ ᠨᠤᠲᠤᠭ ᠤᠨ ᠪᠤᠰᠤ ᠳᠡᠯᠡᠬᠡᠢ ᠨᠡᠶᠢᠲᠡ ᠶᠢᠨ ᠲᠤᠯᠭᠠᠮᠳᠠᠭᠰᠠᠨ ᠠᠰᠠᠭᠤᠳᠠᠯ ᠪᠣᠯᠣᠭᠠᠳ ᠪᠤᠢ ᠶᠢ ᠡᠯᠴᠢᠨ ᠰᠠᠶᠢᠳ ᠣᠨᠴᠠᠯᠠᠪᠠ᠃ ᠲᠡᠷᠡ ᠪᠠᠷ᠄ ᠴᠥᠯᠵᠢᠯᠲᠡ ᠲᠠᠢ ᠲᠡᠮᠡᠴᠡᠬᠦ ᠳᠤ ᠮᠣᠩᠭᠤᠯ ᠤᠯᠤᠰ ᠤᠨ ᠶᠡᠷᠦᠩᠬᠡᠶᠢᠯᠡᠭᠴᠢ ᠶᠢᠨ ᠰᠠᠨᠠᠭᠠᠴᠢᠯᠠᠭᠰᠠᠨ︽ᠲᠡᠷᠪᠤᠮ ᠮᠣᠳᠤ︾ᠦᠨᠳᠦᠰᠦᠨ ᠤ ᠬᠥᠳᠡᠯᠭᠡᠭᠡᠨ ᠮᠠᠰᠢ ᠴᠢᠬᠤᠯᠠ ᠭᠡᠵᠦ ᠦᠵᠡᠵᠦ ᠪᠠᠶᠢᠭ᠎ᠠ᠃ ᠡᠨᠡ ᠰᠠᠨᠠᠭᠠᠴᠢᠯᠠᠭ᠎ᠠ ᠬᠤᠶᠠᠷ ᠣᠷᠣᠨ ᠤ ᠬᠠᠮᠲᠤ ᠶᠢᠨ ᠠᠵᠢᠯᠯᠠᠭᠠᠨ ᠳᠤ ᠰᠢᠨ᠎ᠡ ᠰᠠᠯᠪᠤᠷᠢ ᠨᠡᠭᠡᠭᠡᠬᠦ ᠪᠣᠯᠣᠮᠵᠢ ᠭᠡᠵᠦ ᠨᠠᠶᠢᠳᠠᠵᠤ ᠪᠠᠶᠢᠨ᠎ᠡ᠃︽ᠲᠡᠷᠪᠤᠮ ᠮᠣᠳᠤ︾ᠰᠠᠨᠠᠭᠠᠴᠢᠯᠠᠭ᠎ᠠ ᠶᠢ ᠠᠮᠵᠢᠯᠲᠠᠲᠠᠶ ᠬᠡᠷᠡᠭᠵᠢᠭᠦᠯᠬᠦ ᠶᠢᠨ ᠲᠤᠯᠠᠳᠠ ᠮᠣᠳᠤ ᠲᠠᠷᠢᠬᠤ ᠨᠢ ᠶᠡᠭᠠᠬᠢᠭᠠᠦᠠ ᠴᠢᠬᠤᠯᠠ ᠪᠤᠢ ᠭᠡᠳᠡᠭ ᠢ ᠢᠷᠭᠡᠳ ᠲᠡᠭᠡᠨ ᠰᠤᠷᠲᠠᠯᠴᠢᠯᠠᠨ ᠲᠠᠨᠢᠭᠤᠯᠬᠤ ᠨᠢ ᠴᠢᠬᠤᠯᠠ ᠭᠡᠪᠡ᠃
2004 ᠣᠨ ᠠᠴᠠ ᠬᠤᠶᠢᠰᠢ ᠮᠣᠩᠭᠤᠯ᠂ ᠶᠠᠫᠤᠨ  ᠤᠯᠤᠰ ᠭᠤᠣᠯ ᠭᠤᠷᠤᠬ᠎ᠠ ᠶᠢᠨ ᠰᠤᠳᠤᠯᠭᠠᠨ ᠤ ᠲᠥᠰᠥᠯ ᠳᠤ ᠬᠠᠮᠲᠤᠷᠠᠨ ᠠᠵᠢᠯᠯᠠᠵᠤ ᠪᠠᠶᠢᠭ᠎ᠠ᠃ ᠮᠦᠠ 2019 ᠣᠨ ᠠᠴᠠ ᠮᠣᠩᠭᠣᠯ ᠤᠨ ᠭᠤᠪᠢ ᠶᠢᠨ ᠵᠠᠭ ᠮᠣᠳᠣ ᠶᠢ ᠨᠥᠬᠦᠨ ᠰᠡᠷᠭᠦᠭᠡᠬᠦ ᠰᠤᠳᠤᠯᠭᠠᠨ ᠤ ᠠᠵᠢᠯ ᠢ ᠡᠬᠢᠯᠡᠭᠦᠯᠦᠭᠰᠡᠨ᠃ ᠵᠠᠭ ᠮᠣᠳᠣ ᠶᠢ ᠨᠥᠬᠦᠨ  ᠰᠡᠷᠭᠦᠭᠡᠨ᠂ ᠬᠠᠮᠠᠭᠠᠯᠠᠬᠤ ᠳᠤ ᠮᠠᠯᠴᠢᠳ ᠪᠤᠯᠦᠠ ᠵᠠᠰᠠᠭ ᠤᠨ ᠭᠠᠵᠠᠷ ᠬᠠᠮᠲᠤᠷᠠᠨ ᠠᠵᠢᠯᠯᠠᠵᠤ᠂ ᠢᠷᠭᠡᠳ ᠤᠨ ᠠᠮᠢᠵᠢᠷᠠᠭ᠎ᠠ ᠶᠢ ᠳᠡᠭᠡᠭᠰᠢᠯᠡᠭᠦᠯᠬᠦ ᠴᠣᠭᠴᠠ ᠲᠥᠰᠥᠯ ᠬᠡᠷᠡᠭᠵᠢᠭᠦᠯᠬᠦ ᠶᠢ ᠬᠦᠰᠡᠵᠦ ᠪᠠᠶᠢᠨ᠎ᠡ ᠭᠡᠪᠡ᠃

ᠰᠡᠳᠬᠢᠭᠳᠡᠯ ᠦᠯᠡᠳᠡᠭᠡᠬᠦ