ᠳᠤᠭᠤᠶᠢᠴᠢᠳ 31 ᠵᠢᠯ ᠦᠨ ᠳᠠᠷᠠᠭ᠎ᠠ︽ᠠᠽᠢᠶ᠎ᠠ ᠶᠢᠨ ᠠᠪᠤᠷᠭᠤ︾ ᠡᠴᠡ ᠮᠥᠩᠭᠥᠨ ᠮᠧᠳᠠᠯ ᠬᠦᠷᠲᠡᠯ᠎ᠡ | News.MN

ᠳᠤᠭᠤᠶᠢᠴᠢᠳ 31 ᠵᠢᠯ ᠦᠨ ᠳᠠᠷᠠᠭ᠎ᠠ︽ᠠᠽᠢᠶ᠎ᠠ ᠶᠢᠨ ᠠᠪᠤᠷᠭᠤ︾ ᠡᠴᠡ ᠮᠥᠩᠭᠥᠨ ᠮᠧᠳᠠᠯ ᠬᠦᠷᠲᠡᠯ᠎ᠡ

ᠳᠤᠭᠤᠢ ᠶᠢᠨ ᠰᠫᠣᠷᠲ ᠤᠨ ᠠᠽᠢᠶ᠎ᠠ ᠲᠢᠪ ᠦᠨ ᠠᠪᠤᠷᠭᠤ ᠰᠢᠯᠭᠠᠷᠠᠭᠤᠯᠬᠤ ᠲᠡᠮᠡᠴᠡᠭᠡᠨ ᠲᠠᠵᠢᠺᠰᠲ᠋ᠠᠨ ᠤ ᠨᠡᠶᠢᠰᠯᠡᠯ ᠳ᠋ᠤᠱᠠᠩᠪᠸ  ᠬᠤᠲᠠᠨ᠎ᠠ ᠥᠨᠥᠳᠥᠷ ᠪᠠᠭ ᠤᠨ ᠴᠤᠪᠤᠭ᠎ᠠ ᠭᠠᠷᠤᠭ᠎ᠠ ᠲᠠᠢ ᠤᠷᠤᠯᠳᠤᠭᠠᠨ ᠢᠶᠠᠷ ᠡᠬᠢᠯᠡᠭᠰᠡᠨ ᠲᠠᠯ᠎ᠠ ᠪᠠᠷ ᠪᠢᠳᠡ ᠡᠮᠦᠨ᠎ᠡ ᠨᠢ ᠮᠡᠳᠡᠭᠡᠯᠡᠭᠰᠡᠨ᠃ ᠲᠡᠮᠡᠴᠡᠭᠡᠨ ᠳᠦ ᠢᠷᠠᠺ᠂ ᠡᠨᠡᠳᠬᠡᠭ᠂ ᠢᠨᠳᠤᠨᠢᠰᠢᠶ᠎ᠠ᠂ ᠢᠷᠡᠨ᠂ ᠦᠽᠪᠸᠺᠰᠲ᠋ᠠᠨ᠂ ᠮᠣᠩᠭᠣᠯ᠂ ᠬᠠᠰᠠᠭᠰᠲ᠋ᠠᠨ ᠭᠡᠰᠡᠨ ᠳᠣᠯᠣᠭᠠᠨ ᠪᠠᠭ ᠣᠷᠣᠯᠴᠠᠭᠰᠠᠨ ᠠᠴᠠ ᠬᠠᠰᠠᠭᠰᠲ᠋ᠠᠨ ᠲᠦᠷᠦᠭᠦᠯᠡᠵᠦ᠂ ᠮᠠᠨ ᠤ ᠪᠠᠭ ᠤᠳᠠᠭᠠᠯᠠᠵᠠᠢ᠃

ᠮᠣᠩᠭᠣᠯ  ᠠᠴᠠ ᠰ∙ᠵᠠᠮᠪᠠᠯᠵᠠᠮᠰᠤ᠂ ᠪ∙ᠮᠡᠷᠡᠯᠡᠷᠳᠡᠨᠢ᠂ ᠪ∙ᠲᠡᠭᠰᠢᠪᠠᠶᠠᠷ᠂ ᠡ᠊∙ᠪᠢᠯᠢᠭᠦᠨᠵᠢᠷᠭᠠᠯ ᠨᠠᠷ ᠤᠷᠤᠯᠳᠤᠭᠰᠠᠨ ᠶᠤᠮ᠃ ᠮᠠᠨ ᠤ ᠲᠠᠮᠢᠷᠴᠢᠨ 《ᠪᠡᠭᠡᠵᠢᠩ 1990》 ᠠᠽᠢᠶ᠎ᠠ ᠶᠢᠨ ᠨᠠᠭᠠᠳᠤᠮ ᠳᠤ ᠮᠥᠩᠭᠥᠨ ᠮᠧᠳᠠᠯ ᠬᠦᠷᠲᠡᠭᠰᠡᠨ ᠡᠴᠡ ᠬᠣᠶᠢᠰᠢ ᠲᠢᠪ ᠦᠨ ᠲᠡᠮᠡᠴᠡᠭᠡᠨ ᠡᠴᠡ ᠪᠠᠭ ᠤᠨ ᠲᠥᠷᠥᠯ ᠳᠦ ᠮᠥᠩᠭᠥᠨ ᠮᠧᠳᠠᠯ ᠠᠪᠤᠭ᠎ᠠ ᠦᠭᠡᠢ ᠪᠠᠶᠢᠭᠰᠠᠨ ᠶᠤᠮ᠃

ᠰᠡᠳᠬᠢᠭᠳᠡᠯ ᠦᠯᠡᠳᠡᠭᠡᠬᠦ