15 ᠲᠣᠨ ᠬᠤᠷᠠᠭᠰᠠᠨ ᠬᠣᠭ᠂ ᠥᠨᠵᠢᠮᠡᠯ ᠤᠷᠭᠤᠮᠠᠯ ᠢ ᠴᠡᠪᠡᠷᠯᠡᠵᠡᠢ | News.MN

15 ᠲᠣᠨ ᠬᠤᠷᠠᠭᠰᠠᠨ ᠬᠣᠭ᠂ ᠥᠨᠵᠢᠮᠡᠯ ᠤᠷᠭᠤᠮᠠᠯ ᠢ ᠴᠡᠪᠡᠷᠯᠡᠵᠡᠢ

ᠨᠡᠶᠢᠰᠯᠡᠯ ᠦᠨ ᠵᠠᠰᠠᠭ ᠳᠠᠷᠤᠭ᠎ᠠ 2022 ᠣᠨ ᠢ《ᠢᠷᠭᠡᠨ ᠲᠥᠪ ᠲᠡᠢ ᠵᠢᠯ》 ᠪᠣᠯᠭᠠᠨ ᠵᠠᠷᠯᠠᠭᠰᠠᠨ ᠲᠠᠢ ᠬᠣᠯᠪᠣᠭ᠎ᠠ ᠲᠠᠢ ᠨᠡᠶᠢᠲᠡ ᠶᠢᠨ ᠡᠵᠡᠮᠰᠢᠯ ᠦᠨ ᠵᠠᠮ᠂ ᠲᠠᠯᠠᠪᠠᠢ᠂ ᠨᠣᠭᠣᠭᠠᠨ ᠪᠠᠶᠢᠭᠤᠯᠤᠮᠵᠢ ᠶᠢ ᠨᠡᠮᠡᠭᠳᠡᠭᠦᠯᠬᠦ ᠠᠵᠢᠯ ᠢ ᠦᠶ᠎ᠡ ᠱᠠᠲᠤ ᠲᠠᠢ ᠬᠢᠵᠦ ᠪᠠᠶᠢᠭ᠎ᠠ᠃

ᠡᠭᠦᠨ ᠲᠡᠢ ᠬᠣᠯᠪᠣᠭᠳᠠᠭᠤᠯᠤᠨ ᠬᠡᠦᠬᠡᠳ ᠦᠨ ᠫᠠᠷᠺ ᠤᠨ ᠲᠣᠬᠢᠵᠢᠯᠲᠠ ᠬᠢᠭᠳᠡᠭᠡ ᠦᠭᠡᠢ ᠬᠡᠰᠡᠭ ᠦᠨ ᠬᠠᠰᠢᠶ᠎ᠠ ᠶᠢ ᠨᠤᠷᠠᠭᠠᠵᠤ᠂ ᠨᠡᠶᠢᠲᠡ ᠶᠢᠨ ᠡᠵᠡᠮᠰᠢᠯ᠂  ᠴᠡᠴᠡᠷᠯᠢᠭᠲᠦ ᠬᠦᠷᠢᠶᠡᠯᠡᠩ ᠪᠣᠯᠭᠠᠨ ᠲᠣᠬᠢᠵᠢᠭᠤᠯᠬᠤ ᠠᠵᠢᠯ ᠢ ᠡᠬᠢᠯᠡᠭᠦᠯᠦᠭᠰᠡᠨ᠃ ᠬᠣᠲᠠ ᠲᠣᠬᠢᠵᠢᠯᠲᠠ ᠶᠢᠨ ᠭᠠᠵᠠᠷ ᠤᠨ  ᠬᠢᠨ ᠬᠣᠶᠠᠷ ᠡᠳᠦᠷ ᠦᠨ ᠲᠤᠷᠰᠢ 8700 ᠲᠡᠭᠰᠢ ᠳᠦᠷᠪᠡᠯᠵᠢᠨ ᠮᠸᠲᠷ ᠲᠠᠯᠠᠪᠠᠢ ᠶᠢ ᠴᠡᠪᠡᠷᠯᠡᠨ︵ᠥᠨᠳᠥᠷ ᠡᠪᠡᠰᠦ ᠶᠢ ᠬᠠᠳᠤᠵᠤ︶᠂ ᠮᠥᠨ ᠠᠦ᠋ᠲ᠋ᠣ᠋  ᠪᠠᠭᠠᠽ ᠤᠨ ᠠᠯᠪᠠᠨ ᠤ ᠬᠣᠭ ᠲᠡᠭᠡᠭᠡᠪᠦᠷᠢ ᠶᠢᠨ ᠮᠠᠰᠢᠨ ᠢᠶᠠᠷ 15 ᠲᠣᠨ ᠬᠤᠷᠠᠭᠰᠠᠨ ᠬᠣᠭ᠂ ᠥᠨᠵᠢᠮᠡᠯ ᠤᠷᠭᠤᠮᠠᠯ ᠢ ᠴᠡᠪᠡᠷᠯᠡᠵᠡᠢ᠃

ᠰᠡᠳᠬᠢᠭᠳᠡᠯ ᠦᠯᠡᠳᠡᠭᠡᠬᠦ