ᠠᠮᠧᠷᠢᠺᠠ ᠮᠣᠩᠭᠣᠯ ᠳᠤ ᠪᠢᠤ᠋ ᠯᠠᠪᠤᠷᠠᠲ᠋ᠤᠷᠢ ᠪᠠᠶᠢᠭᠤᠯᠬᠤ ᠲᠠᠯ᠎ᠠ ᠪᠠᠷ ᠰᠤᠳᠤᠯᠵᠤ ᠪᠠᠶᠢᠭ᠎ᠠ ᠶᠢ ᠮᠡᠳᠡᠭᠡᠯᠡᠵᠡᠢ | News.MN

ᠠᠮᠧᠷᠢᠺᠠ ᠮᠣᠩᠭᠣᠯ ᠳᠤ ᠪᠢᠤ᠋ ᠯᠠᠪᠤᠷᠠᠲ᠋ᠤᠷᠢ ᠪᠠᠶᠢᠭᠤᠯᠬᠤ ᠲᠠᠯ᠎ᠠ ᠪᠠᠷ ᠰᠤᠳᠤᠯᠵᠤ ᠪᠠᠶᠢᠭ᠎ᠠ ᠶᠢ ᠮᠡᠳᠡᠭᠡᠯᠡᠵᠡᠢ

ᠠᠮᠧᠷᠢᠺᠠ ᠶᠢᠨ ᠵᠠᠰᠠᠭ ᠵᠠᠬᠢᠷᠭ᠎ᠠ ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠪᠢᠤ᠋ ᠯᠠᠪᠤᠷᠠᠲ᠋ᠤᠷᠢ ᠪᠠᠶᠢᠭᠤᠯᠬᠤ ᠪᠠᠷ ᠰᠤᠳᠤᠯᠵᠤ᠂ ᠶᠠᠷᠢᠯᠴᠠᠵᠤ ᠪᠠᠶᠢᠭ᠎ᠠ ᠲᠤᠬᠠᠢ ᠣᠷᠣᠰ ᠤᠨ ᠢᠰᠸᠧᠰᠲ᠋ᠢᠶ᠎ᠠ ᠰᠣᠨᠢᠨ ᠥᠴᠦᠭᠡᠳᠦᠷ ᠮᠡᠳᠡᠭᠡᠯᠡᠵᠡᠢ᠃ ᠯᠠᠪᠤᠷᠠᠲ᠋ᠣᠷᠢ ᠶᠢ ᠤᠯᠠᠭᠠᠨᠪᠠᠭᠠᠲᠤᠷ ᠳᠠᠬᠢ ᠵᠣᠨᠣᠽ ᠡᠪᠡᠳᠴᠢᠨ ᠰᠤᠳᠤᠯᠤᠯ ᠤᠨ ᠦᠨᠳᠦᠰᠦᠨ ᠦ ᠲᠥᠪ ᠦᠨ ᠰᠠᠭᠤᠷᠢᠨ ᠳᠡᠭᠡᠷ᠎ᠡ ᠲᠦᠰᠢᠭᠯᠡᠵᠦ ᠪᠠᠶᠢᠭᠤᠯᠬᠤ ᠪᠠᠷ ᠶᠠᠷᠢᠯᠴᠠᠵᠠᠢ᠃

ᠢᠩᠭᠢᠭᠰᠡᠨ ᠢᠶᠡᠷ ᠣᠷᠣᠰ ᠂ ᠬᠢᠲᠠᠳ  ᠤᠨ ᠬᠢᠯᠢ ᠵᠠᠯᠭᠠᠭ᠎ᠠ ᠮᠣᠩᠭᠣᠯ ᠤᠯᠤᠰ ᠤᠨ ᠨᠤᠲᠤᠭ ᠳᠡᠪᠢᠰᠬᠡᠷ ᠲᠦ ᠢᠯᠡᠷᠡᠳᠡᠭ ᠲᠠᠬᠤᠯ᠂ ᠬᠤᠯᠧᠷ᠂ ᠬᠤᠮᠬ᠎ᠠ ᠂ ᠭᠧᠫᠠᠲ᠋ᠢᠲ᠂ ᠺᠣᠷᠤᠨᠠ ᠸᠢᠷᠦ᠋ᠰ ᠵᠡᠷᠭᠡ ᠬᠠᠯᠳᠠᠪᠤᠷᠢᠲᠤ ᠡᠪᠡᠳᠴᠢᠨ ᠨᠦᠭᠦᠳ ᠢ ᠰᠤᠳᠤᠯᠬᠤ ᠪᠣᠯᠤᠮᠵᠢ ᠲᠠᠢ ᠪᠣᠯᠬᠤ ᠲᠤᠬᠠᠢ ᠤᠭ ᠮᠡᠳᠡᠭᠡᠨ ᠳᠦ ᠪᠢᠴᠢᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ