《ᠠᠨᠳᠠᠭᠠᠢ》ᠦᠵᠡᠰᠬᠦᠯᠡᠩ ᠢ ᠮᠠᠷᠭᠠᠰᠢ ᠳᠡᠯᠭᠡᠨ᠎ᠡ | News.MN

《ᠠᠨᠳᠠᠭᠠᠢ》ᠦᠵᠡᠰᠬᠦᠯᠡᠩ ᠢ ᠮᠠᠷᠭᠠᠰᠢ ᠳᠡᠯᠭᠡᠨ᠎ᠡ

ᠮᠣᠩᠭᠣᠯ ᠦᠨᠳᠦᠰᠦᠨ ᠦ ᠤᠤᠭᠠᠯ ᠡᠭᠦᠯᠳᠡᠷ ᠦᠨ ᠨᠣᠬᠠᠳ ᠲᠠᠢ ᠬᠣᠯᠪᠣᠭ᠎ᠠ ᠲᠠᠢ ᠤᠷᠠᠨ ᠪᠦᠲᠦᠭᠡᠯᠴᠢᠳ ᠦᠨ ᠦᠵᠡᠰᠬᠦᠯᠡᠩ᠂ ᠠᠷᠬᠧᠣᠯᠣᠭᠢ ᠶᠢᠨ ᠣᠯᠳᠠᠪᠤᠷᠢ ᠪᠣᠯᠤᠨ ᠤᠭᠰᠠᠭᠠᠲᠠᠨ ᠤ ᠵᠦᠢ ᠶᠢᠨ ᠦᠵᠡᠮᠦᠷᠢ ᠪᠦᠬᠦᠢ《ᠠᠨᠳᠠᠭᠠᠢ》ᠦᠵᠡᠰᠬᠦᠯᠡᠩ ᠢ ᠡᠨᠡ ᠰᠠᠷ᠎ᠠ ᠶᠢᠨ 20-28  ᠳᠦ ᠲᠣᠯᠢᠯᠠᠭᠤᠯᠤᠨ᠎ᠠ᠃

ᠦᠨᠳᠦᠰᠦᠨ ᠦ ᠤᠤᠭᠠᠯ ᠨᠣᠬᠠᠢ ᠶᠢᠨ ᠨᠢᠭᠡ ᠪᠣᠯᠬᠤ ᠮᠣᠩᠭᠣᠯ ᠪᠠᠩᠬᠤᠷ ᠤᠨ ᠴᠡᠪᠡᠷ ᠴᠢᠰᠤᠨ ᠤ ᠤᠳᠤᠮ ᠤᠨ ᠰᠠᠩ ᠢ ᠬᠠᠮᠠᠭᠠᠯᠠᠨ ᠬᠥᠭᠵᠢᠭᠦᠯᠬᠦ᠂ ᠬᠥᠳᠡᠭᠡ ᠣᠷᠣᠨ ᠨᠤᠲᠤᠭ ᠲᠤ ᠮᠠᠯᠴᠢᠨ ᠤ ᠬᠤᠲᠠ ᠳᠤ ᠡᠷᠭᠢᠨ ᠨᠤᠲᠤᠭᠰᠢᠭᠤᠯᠬᠤ᠂ ᠮᠣᠩᠭᠣᠯᠴᠤᠳ ᠤᠨ ᠨᠡᠭᠦᠳᠡᠯᠴᠢᠳ ᠦᠨ ᠰᠤᠶᠤᠯ᠂ ᠠᠬᠤᠢ ᠠᠮᠢᠳᠤᠷᠠᠯ᠂ ᠥᠪ ᠤᠯᠠᠮᠵᠢᠯᠠᠯ ᠢ ᠬᠡᠦᠬᠡᠳ ᠪᠠᠭᠠᠴᠤᠳ᠂ ᠣᠯᠠᠨ ᠨᠡᠶᠢᠲᠡ ᠳᠦ ᠲᠡᠳᠦᠢ ᠦᠭᠡᠢ ᠳᠡᠯᠡᠬᠡᠢ ᠳ᠋ᠠᠬᠢᠨ ᠳᠤ ᠰᠤᠷᠲᠠᠯᠴᠢᠯᠠᠨ ᠲᠠᠨᠢᠭᠤᠯᠬᠤ ᠵᠣᠷᠢᠯᠭ᠎ᠠ ᠲᠠᠢ ᠶᠤᠮ᠃

ᠰᠡᠳᠬᠢᠭᠳᠡᠯ ᠦᠯᠡᠳᠡᠭᠡᠬᠦ