ᠳᠦᠷᠰᠦᠯᠡᠬᠦ ᠤᠷᠠᠯᠢᠭ ᠢ ᠪᠦᠬᠦ ᠱᠠᠲᠤᠨ ᠳᠤ ᠲᠠᠨᠢᠭᠤᠯᠤᠨ ᠬᠦᠷᠭᠡᠬᠦ ᠶᠢ ᠵᠢᠷᠤᠭᠠᠴᠢ ᠵᠠᠯᠠᠭᠤᠰ ᠵᠣᠷᠢᠵᠠᠢ | News.MN

ᠳᠦᠷᠰᠦᠯᠡᠬᠦ ᠤᠷᠠᠯᠢᠭ ᠢ ᠪᠦᠬᠦ ᠱᠠᠲᠤᠨ ᠳᠤ ᠲᠠᠨᠢᠭᠤᠯᠤᠨ ᠬᠦᠷᠭᠡᠬᠦ ᠶᠢ ᠵᠢᠷᠤᠭᠠᠴᠢ ᠵᠠᠯᠠᠭᠤᠰ ᠵᠣᠷᠢᠵᠠᠢ

ᠮᠣᠩᠭᠣᠯ ᠤᠨ ᠤᠷᠠᠴᠤᠳ ᠤᠨ ᠡᠪᠯᠡᠯ ᠦᠨ ᠭᠡᠰᠢᠭᠦᠨ ᠵᠢᠷᠤᠭᠠᠴᠢ ᠵᠠᠯᠠᠭᠤᠰ ᠡᠵᠡᠮᠰᠢᠭᠰᠡᠨ ᠮᠡᠷᠭᠡᠵᠢᠯ ᠦᠨ ᠢᠶᠡᠨ ᠣᠨᠴᠠᠯᠢᠭ ᠳᠠᠪᠠᠭᠤ ᠲᠠᠯ᠎ᠠ ᠳᠤ ᠲᠤᠯᠭᠠᠭᠤᠷᠢᠯᠠᠨ ᠣᠯᠠᠨ ᠨᠡᠶᠢᠲᠡ ᠳᠦ ᠤᠷᠠᠨ ᠵᠢᠷᠤᠭ ᠤᠨ ᠰᠠᠶᠢᠬᠠᠨ ᠢ ᠮᠡᠳᠡᠷᠡᠭᠦᠯᠬᠦ ᠭᠠᠶᠢᠬᠠᠯᠲᠠᠢ ᠪᠦᠲᠦᠭᠡᠯ ᠦᠳ ᠢ ᠬᠢᠵᠦ ᠪᠠᠶᠢᠭ᠎ᠠ ᠶᠤᠮ᠃  ᠲᠡᠳᠡ ᠴᠸᠬᠤ᠋ ᠤᠯᠤᠰ ᠤᠨ ᠰᠠᠩᠬᠦᠦᠵᠢᠯᠲᠡ ᠪᠠᠷ ᠰᠡᠯᠡᠩᠭᠡ ᠠᠶᠢᠮᠠᠭ ᠤᠨ ᠲᠥᠪ ᠰᠦᠬᠡᠪᠠᠭᠠᠲᠤᠷ ᠰᠤᠮᠤ ᠶᠢᠨ ᠰᠢᠷ᠎ᠠ ᠶᠢᠨ ᠬᠤᠶᠠᠳᠤᠭᠠᠷ ᠪᠠᠶᠢᠷᠢᠨ ᠤ ᠨᠢᠭᠡ ᠲᠠᠯᠠᠪᠤᠷ ᠲᠤ ᠨᠢᠭᠡᠨ ᠪᠦᠲᠦᠭᠡᠯ ᠢ  ᠠᠮᠢᠯᠠᠭᠤᠯᠵᠠᠢ᠃

130 ᠺᠦᠸᠠᠳ᠋ ᠮᠧᠲᠷ ᠲᠠᠯᠠᠪᠠᠢ ᠳᠤ ᠳᠤᠯᠤᠭᠠᠨ ᠬᠣᠨᠣᠭ ᠲᠤ ᠪᠦᠲᠦᠭᠡᠭᠰᠡᠨ ᠡᠨᠡ ᠤᠳᠠᠭ᠎ᠠ ᠶᠢᠨ ᠪᠦᠲᠦᠭᠡᠯ ᠦᠨ ᠭᠣᠣᠯ ᠠᠭᠤᠯᠭ᠎ᠠ ᠰᠡᠯᠡᠩᠭᠡ ᠠᠶᠢᠮᠠᠭ ᠤᠨ ᠪᠦᠲᠦᠭᠡᠨ ᠪᠠᠶᠢᠭᠤᠯᠤᠯᠲᠠ᠂ ᠬᠥᠭᠵᠢᠯ ᠳᠡᠪᠰᠢᠯ ᠴᠡᠴᠡᠭᠯᠡᠯᠲᠡ ᠶᠢ ᠪᠡᠯᠭᠡᠳᠡᠵᠡᠢ᠃ ᠵᠢᠷᠤᠭ ᠤᠨ ᠬᠠᠮᠤᠭ ᠤᠨ ᠳᠡᠭᠡᠷ᠎ᠡ ᠨᠢ ᠪᠦᠲᠦᠭᠡᠨ ᠪᠠᠶᠢᠭᠤᠯᠤᠯᠲᠠ ᠶᠢᠨ ᠠᠵᠢᠯ ᠤᠳ  ᠢ ᠢᠯᠡᠳᠬᠡᠭᠰᠡᠨ᠂ ᠬᠠᠷᠢᠨ ᠵᠢᠷᠤᠭ ᠤᠨ ᠨᠠᠭᠠᠨ᠎ᠠ ᠰᠡᠯᠡᠩᠭᠡ ᠠᠶᠢᠮᠠᠭ ᠤᠨ ᠳᠠᠪᠠᠭᠤ ᠲᠠᠯ᠎ᠠ ᠪᠣᠯᠤᠭᠰᠠᠨ ᠣᠢ ᠮᠣᠳᠣ᠂ ᠠᠯᠳᠠᠷᠲᠤ《ᠲᠤᠵᠢ ᠶᠢᠨ ᠨᠠᠷᠠᠰᠤ》 ᠶᠢ ᠲᠤᠰᠬᠠᠵᠠᠢ᠃ ᠲᠡᠭᠦᠨᠴᠢᠯᠡᠨ 90 ᠵᠢᠯ ᠦᠨ ᠲᠡᠦᠬᠡᠨ ᠵᠠᠮᠨᠠᠯ ᠢ ᠥᠰᠪᠦᠷᠢ ᠦᠶ᠎ᠡ ᠶᠢᠨ ᠬᠡᠦᠬᠡᠳ ᠦᠳ ᠢᠶᠡᠷ ᠲᠥᠯᠦᠭᠡᠯᠡᠭᠦᠯᠦᠨ ᠵᠢᠷᠤᠭᠰᠠᠨ ᠢᠶᠠᠨ ᠵᠢᠷᠤᠭᠠᠴᠢᠳ ᠣᠨᠴᠠᠯᠠᠵᠤ ᠪᠠᠶᠢᠪᠠ᠃ ᠲᠤᠰ ᠪᠦᠲᠦᠭᠡᠯ ᠢ ᠤᠷᠠᠴᠤᠳ ᠤᠨ ᠡᠪᠯᠡᠯ ᠦᠨ ᠬᠣᠷᠢᠶᠠᠨ ᠤ ᠭᠡᠰᠢᠭᠦᠨ ᠵᠢᠷᠤᠭᠠᠴᠢ ᠠ᠊∙ᠰᠣᠨᠢᠨᠪᠠᠶᠠᠷ᠂ ᠬ∙ᠭᠠᠩᠪᠠᠲᠤ᠂ ᠡ᠊∙ᠭᠠᠩᠵᠣᠷᠢᠭ᠂ ᠵᠢᠷᠤᠭᠠᠴᠢ ᠳ∙ᠴᠦᠯᠲᠦᠮᠰᠦ᠋ᠷᠦᠩ ᠨᠠᠷ ᠪᠦᠲᠦᠭᠡᠵᠡᠢ᠃

ᠰᠡᠳᠬᠢᠭᠳᠡᠯ ᠦᠯᠡᠳᠡᠭᠡᠬᠦ