ᠮᠣᠩᠭᠣᠯ ᠪᠠᠩᠭᠢᠨ ᠤ ᠮᠥᠩᠭᠥᠨ ᠦ ᠪᠣᠳᠣᠯᠭ᠎ᠠ ᠶᠢᠨ ᠬᠣᠷᠢᠶ᠎ᠠ ᠥᠨᠥᠳᠥᠷ ᠬᠤᠷᠠᠯᠳᠤᠵᠤ᠂ ᠪᠣᠳᠣᠯᠭ᠎ᠠ ᠶᠢᠨ ᠬᠦᠦ ᠶᠢ ᠥᠰᠬᠡᠬᠦ ᠡᠰᠡᠬᠦ ᠲᠠᠯ᠎ᠠ ᠪᠠᠷ ᠬᠡᠯᠡᠯᠴᠡᠬᠦ ᠶᠤᠮ᠃ ᠢᠨᠹᠯᠢᠶᠠᠼ ᠤᠯᠤᠰ ᠤᠨ ᠬᠡᠮᠵᠢᠶᠡᠨ ᠳᠦ 14.2᠂ ᠨᠡᠶᠢᠰᠯᠡᠯ ᠳᠦ 15.5 ᠬᠤᠪᠢ ᠳᠤ ᠬᠦᠷᠦᠭᠰᠡᠨ᠃ ᠡᠶᠢᠮᠦ ᠳᠦ ᠪᠣᠳᠣᠯᠭ᠎ᠠ ᠶᠢᠨ ᠬᠦᠦ ᠶᠢ ᠥᠰᠬᠡᠵᠦ ᠪᠣᠯᠵᠣᠰᠢ ᠦᠭᠡᠢ ᠪᠠᠶᠢᠨ᠎ᠠ᠃
ᠮᠣᠩᠭᠣᠯ ᠪᠠᠩᠭᠢᠨ ᠤ ᠶᠡᠷᠦᠩᠬᠡᠶᠢᠯᠡᠭᠴᠢ ᠪ∙ᠯᠾᠬᠠᠪᠠᠰᠦ᠋ᠷᠤᠩ᠄ ᠮᠢᠨᠦ ᠬᠤᠪᠢ ᠶᠢᠨ ᠪᠠᠶᠢᠷᠢ ᠰᠠᠭᠤᠷᠢ ᠪᠣᠯ ᠪᠣᠳᠣᠯᠭ᠎ᠠ ᠶᠢᠨ ᠬᠦᠦ ᠶᠢ ᠠᠯᠭᠤᠷ ᠪᠤᠶᠤ 0.5 ᠬᠤᠪᠢ ᠪᠠᠷ ᠥᠰᠬᠡᠬᠦ ᠨᠢ ᠵᠥᠪ᠃ ᠺᠤᠸᠢᠳ᠋ ᠤᠨ ᠳᠠᠷᠠᠭ᠎ᠠ ᠡᠳ᠋ ᠦᠨ ᠵᠠᠰᠠᠭ ᠡᠷᠭᠢᠭᠡᠳ ᠰᠡᠷᠭᠦᠵᠦ ᠪᠠᠶᠢᠭ᠎ᠠ ᠲᠤᠯᠠ ᠪᠣᠳᠣᠯᠭ᠎ᠠ ᠶᠢᠨ ᠬᠦᠦ ᠶᠢ ᠣᠭᠴᠣᠮ ᠥᠰᠬᠡᠪᠡᠯ ᠵᠢᠭᠡᠯᠡ ᠣᠯᠭᠣᠯᠲᠠ ᠤᠳᠠᠭᠠᠰᠢᠷᠠᠨ᠎ᠠ᠂ ᠡᠳ᠋ ᠦᠨ ᠵᠠᠰᠠᠭ ᠤᠨ ᠥᠰᠦᠯᠲᠡ ᠶᠢ ᠬᠢᠵᠠᠭᠠᠷᠯᠠᠨ᠎ᠠ᠃
ᠡᠶᠢᠮᠦ ᠳᠦ ᠠᠯᠭᠤᠷ ᠥᠰᠬᠡᠬᠦ ᠨᠢ ᠵᠥᠪ᠃ ᠭᠡᠬᠦ ᠳᠦ ᠪᠡᠨ ᠮᠥᠩᠭᠥᠨ ᠦ ᠪᠣᠳᠣᠯᠭ᠎ᠠ ᠶᠢᠨ ᠬᠣᠷᠢᠶᠠᠨ ᠤ ᠳᠣᠯᠣᠭᠠᠨ ᠭᠡᠰᠢᠭᠦᠨ ᠬᠠᠮᠲᠤᠷᠠᠨ ᠡᠴᠦᠰ ᠦᠨ ᠰᠢᠢᠳᠪᠦᠷᠢ ᠶᠢ ᠭᠠᠷᠭᠠᠨ᠎ᠠ᠃ ᠪᠣᠳᠣᠯᠭ᠎ᠠ ᠶᠢᠨ ᠬᠦᠦ ᠲᠥᠭᠥᠷᠢᠭ ᠦᠨ ᠬᠠᠩᠰᠢ ᠲᠠᠢ ᠰᠢᠭᠤᠳ ᠬᠣᠯᠪᠣᠭ᠎ᠠ ᠦᠭᠡᠢ᠃ ᠪᠢᠳᠡ ᠡᠮᠦᠨᠡᠬᠢ ᠬᠤᠷᠠᠯ ᠢᠶᠠᠷ ᠢᠶᠠᠨ ᠪᠣᠳᠣᠯᠭ᠎ᠠ ᠶᠢᠨ ᠬᠦᠦ ᠶᠢ 6.5 ᠬᠤᠪᠢ ᠠᠴᠠ ᠳᠡᠭᠡᠭᠰᠢ ᠥᠰᠬᠡᠭᠰᠡᠨ ᠪᠣᠯ ᠥᠨᠥᠳᠥᠷ ᠲᠥᠭᠥᠷᠢᠭ ᠦᠨ ᠬᠠᠩᠰᠢ ᠥᠰᠬᠦ ᠦᠭᠡᠢ ᠪᠠᠶᠢᠭᠰᠠᠨ ᠭᠡᠳᠡᠭ ᠲᠡᠢ ᠪᠢ ᠰᠠᠨᠠᠯ ᠨᠡᠶᠢᠯᠡᠬᠦ ᠦᠭᠡᠢ᠃ ᠪᠣᠳᠣᠯᠭ᠎ᠠ ᠶᠢᠨ ᠬᠦᠦ ᠶᠢ ᠥᠰᠬᠡᠭᠰᠡᠨ ᠢᠶᠡᠷ ᠲᠥᠭᠥᠷᠢᠭ ᠦᠨ ᠵᠠᠷᠤᠳᠠᠯ ᠯᠠ ᠥᠰᠥᠨ᠎ᠡ ᠭᠡᠰᠡᠨ ᠮᠡᠳᠡᠭᠡᠯᠡᠯ ᠥᠭᠭᠦᠭᠰᠡᠨ᠃