ᠤ᠊∙ᠮᠦᠩᠬᠡᠡᠷᠳᠡᠨᠢ᠂ ᠡ᠊∙ᠴᠡᠨᠳᠡᠪᠠᠭᠠᠲᠤᠷ ᠤᠯᠤᠰ ᠤᠨ ᠠᠪᠤᠷᠭᠤ ᠶᠢᠨ ᠲᠡᠮᠡᠴᠡᠭᠡᠨ ᠳᠦ ᠥᠷᠢᠰᠦᠯᠳᠦᠨ᠎ᠡ | News.MN

ᠤ᠊∙ᠮᠦᠩᠬᠡᠡᠷᠳᠡᠨᠢ᠂ ᠡ᠊∙ᠴᠡᠨᠳᠡᠪᠠᠭᠠᠲᠤᠷ ᠤᠯᠤᠰ ᠤᠨ ᠠᠪᠤᠷᠭᠤ ᠶᠢᠨ ᠲᠡᠮᠡᠴᠡᠭᠡᠨ ᠳᠦ ᠥᠷᠢᠰᠦᠯᠳᠦᠨ᠎ᠡ

ᠮᠣᠩᠭᠣᠯ ᠪᠥᠬᠡ ᠶᠢᠨ ᠥᠷᠭᠦᠭᠡᠨ ᠳᠦ ᠥᠨᠥᠳᠥᠷ ᠬᠤᠷᠢᠳᠤᠭᠠᠷ ᠵᠠᠭᠤᠨ ᠤ ᠮᠠᠩᠯᠠᠢ ᠳᠠᠰᠬᠠᠯᠵᠢᠭᠤᠯᠤᠭᠴᠢ ᠸ ∙ ᠪᠠᠲᠤᠪᠠᠶᠠᠷ ᠤᠨ ᠨᠡᠷᠡᠮᠵᠢᠲᠦ ᠪᠣᠺᠰ ᠤᠨ ᠨᠠᠰᠤᠨ ᠳᠤ ᠬᠦᠷᠦᠭᠰᠡᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠬᠢᠯᠡᠨ᠎ᠡ᠃ ᠡᠨᠡ ᠰᠠᠷ᠎ᠠ ᠶᠢᠨ 27  ᠳᠦ ᠥᠨᠳᠥᠷᠯᠡᠬᠦ ᠲᠤᠰ ᠲᠡᠮᠡᠴᠡᠭᠡᠨ ᠳᠦ ᠮᠡᠷᠭᠡᠵᠢᠯ ᠦᠨ ᠪᠣᠺᠰ ᠲᠤ ᠬᠦᠴᠦ ᠦᠵᠡᠵᠦ ᠪᠤᠢ ᠡ᠊∙ᠴᠡᠨᠳᠡᠪᠠᠭᠠᠲᠤᠷ᠂《ᠯᠣᠨᠳᠣᠨ-2012》 ᠣᠯᠢᠮᠫ ᠤᠨ ᠨᠠᠭᠠᠳᠤᠮ ᠤᠨ ᠬᠦᠷᠡᠯ ᠮᠧᠳᠠᠯᠲᠤ ᠤ᠊ ∙ᠮᠦᠩᠬᠡᠡᠷᠳᠡᠨᠢ ᠥᠷᠢᠰᠦᠯᠳᠦᠬᠦ ᠪᠡᠷ ᠪᠦᠷᠢᠳᠬᠡᠭᠦᠯᠵᠡᠢ᠃
ᠡ᠊ ∙ᠴᠡᠨᠳᠡᠪᠠᠭᠠᠲᠤᠷ ᠤᠨ ᠬᠤᠪᠢ ᠳᠤ ᠬᠠᠮᠤᠭ ᠤᠨ ᠰᠡᠭᠦᠯ ᠳᠦ ᠮᠣᠰᠺᠸᠠ ᠬᠤᠲᠠᠨ᠎ᠠ ᠠᠽᠧᠷᠪᠠᠶᠢᠵᠠᠨ ᠤ ᠲᠠᠮᠢᠷᠴᠢᠨ  ᠲᠠᠢ ᠲᠤᠯᠤᠯᠳᠤᠵᠤ᠂ ᠬᠣᠶᠠᠳᠤᠭᠠᠷ ᠦᠶ᠎ᠡ ᠳᠦ ᠬᠦᠨᠳᠦ ᠴᠣᠬᠢᠯᠲᠠ ᠪᠠᠷ ᠪᠠᠭᠤᠯᠭᠠᠨ ᠠᠪᠤᠭᠰᠠᠨ ᠪᠢᠯᠡ᠃ ᠤ᠊ ∙ ᠮᠦᠩᠬᠡᠡᠷᠳᠡᠨᠢ ᠡᠳᠦᠭᠡ 39 ᠨᠠᠰᠤᠲᠠᠢ ᠪᠥᠭᠡᠳ ᠲᠤᠰ ᠲᠡᠮᠡᠴᠡᠭᠡᠨ ᠳᠦ 19 ᠳ᠋ᠡᠬᠢ ᠤᠳᠠᠭ᠎ᠠ ᠪᠠᠨ ᠤᠷᠤᠯᠴᠠᠬᠤ ᠭᠡᠵᠦ ᠪᠠᠶᠢᠨ᠎ᠠ᠃

ᠰᠡᠳᠬᠢᠭᠳᠡᠯ ᠦᠯᠡᠳᠡᠭᠡᠬᠦ