ᠭᠠᠳᠠᠭᠠᠳᠤ ᠶᠢᠨ ᠢᠷᠭᠡᠳ ᠴᠠᠬᠢᠮ ᠰᠦᠯᠵᠢᠶ᠎ᠡ ᠠᠰᠢᠭᠯᠠᠨ ᠶᠡᠬᠡ ᠬᠡᠮᠵᠢᠶᠡᠨ ᠦ ᠮᠥᠩᠭᠥ ᠵᠠᠯᠢᠯᠠᠵᠠᠢ | News.MN

ᠭᠠᠳᠠᠭᠠᠳᠤ ᠶᠢᠨ ᠢᠷᠭᠡᠳ ᠴᠠᠬᠢᠮ ᠰᠦᠯᠵᠢᠶ᠎ᠡ ᠠᠰᠢᠭᠯᠠᠨ ᠶᠡᠬᠡ ᠬᠡᠮᠵᠢᠶᠡᠨ ᠦ ᠮᠥᠩᠭᠥ ᠵᠠᠯᠢᠯᠠᠵᠠᠢ

ᠣᠯᠠᠨ ᠨᠡᠶᠢᠲᠡ ᠶᠢᠨ ᠰᠦᠯᠵᠢᠶᠡᠨ ᠳᠦ ᠠᠮᠧᠷᠢᠺᠠ᠂ ᠶᠡᠬᠡ ᠪᠷᠢᠲ᠋ᠠᠨ᠂ ᠧᠦ᠋ᠷᠣᠫᠠ ᠶᠢᠨ ᠬᠣᠯᠪᠣᠭᠠᠨ ᠤ ᠤᠯᠤᠰ ᠤᠨ ᠢᠷᠭᠡᠨ ᠮᠡᠲᠦ  ᠬᠠᠭᠤᠷᠠᠮᠴᠢ ᠬᠠᠶ᠋ᠢᠭ ᠨᠡᠭᠡᠭᠡᠭᠰᠡᠨ ᠡᠲᠡᠭᠡᠳ ᠦᠳ ᠮᠣᠩᠭᠣᠯ ᠤᠨ ᠭᠠᠭᠴᠠ ᠪᠡᠶ᠎ᠡ ᠢᠷᠭᠡᠳ ᠲᠡᠢ ᠲᠠᠨᠢᠯᠴᠠᠵᠤ᠂ ᠳᠣᠲᠣᠨᠣᠰᠤᠨ ᠶᠡᠬᠡ ᠬᠡᠮᠵᠢᠶᠡᠨ ᠦ ᠮᠥᠩᠭᠥ ᠵᠠᠯᠢᠯᠠᠭᠰᠠᠨ ᠭᠡᠮᠲᠦ ᠬᠡᠷᠡᠭ ᠦᠨ ᠰᠢᠨᠵᠢᠲᠡᠢ ᠦᠢᠯᠡᠳᠦᠯ ᠨᠡᠮᠡᠭᠳᠡᠬᠦ ᠪᠣᠯᠵᠠᠢ᠃  ᠬᠠᠭᠤᠷᠠᠮᠴᠢ ᠬᠠᠶ᠋ᠢᠭ ᠲᠠᠢ ᠢᠷᠭᠡᠳ᠄ ᠪᠢ ᠤᠳᠠᠬᠤ ᠦᠭᠡᠢ ᠶᠡᠬᠡ ᠬᠡᠮᠵᠢᠶᠡᠨ ᠦ ᠬᠥᠷᠥᠩᠭᠡ ᠥᠪᠯᠡᠵᠦ ᠠᠪᠤᠨ᠎ᠠ᠂ ᠪᠢ ᠥᠪᠡᠷ ᠢᠶᠡᠨ ᠳᠠᠶᠢᠨ ᠲᠤᠯᠤᠭᠠᠨ ᠲᠠᠢ ᠤᠯᠤᠰ ᠲᠤ ᠠᠮᠢᠳᠤᠷᠠᠵᠤ ᠪᠠᠶᠢᠭ᠎ᠠ ᠤᠴᠢᠷ ᠠᠴᠠ ᠲᠠᠨ ᠳᠤ ᠡᠳ᠋ ᠬᠥᠷᠥᠩᠭᠡ ᠪᠡᠨ ᠥᠪᠯᠡᠭᠦᠯᠬᠦ ᠬᠦᠰᠡᠯ ᠲᠡᠢ ᠪᠠᠶᠢᠨ᠎ᠠ᠂ ᠺᠠᠷᠭᠤ᠋ ᠪᠠᠷ ᠡᠳ᠋ ᠬᠥᠷᠥᠩᠭᠡ ᠪᠡᠨ ᠶᠠᠪᠤᠭᠤᠯᠤᠯ᠎ᠠ᠂ ᠲᠠ ᠲᠡᠭᠡᠭᠡᠪᠦᠷᠢ ᠶᠢᠨ ᠵᠠᠷᠤᠳᠠᠯ ᠢ ᠨᠢ ᠲᠥᠯᠥᠭᠡᠳ ᠠᠪ᠃ ᠮᠠᠰᠢ ᠪᠠᠭ᠎ᠠ ᠬᠦᠦ ᠲᠡᠢ᠂ ᠶᠡᠬᠡ ᠬᠡᠮᠵᠢᠶᠡᠨ ᠦ ᠵᠢᠭᠡᠯᠡ ᠶᠢ ᠲᠦᠷᠭᠡᠨ ᠰᠢᠭᠤᠷᠬᠠᠢ ᠬᠤᠭᠤᠴᠠᠭᠠᠨ ᠳᠤ ᠭᠠᠷᠭᠠᠵᠤ ᠥᠭᠭᠦᠨ᠎ᠡ ᠵᠡᠷᠭᠡ ᠠᠷᠭ᠎ᠠ ᠪᠠᠷ ᠬᠠᠭᠤᠷᠴᠤ ᠢᠷᠭᠡᠳ ᠡᠴᠡ ᠮᠥᠩᠭᠥ ᠵᠠᠯᠢᠯᠠᠬᠤ ᠪᠣᠯᠤᠭᠰᠠᠨ ᠪᠠᠢᠨ᠎ᠠ᠃
ᠳᠡᠭᠡᠷᠡᠬᠢ ᠭᠠᠳᠠᠭᠠᠳᠤ ᠤᠯᠤᠰ ᠤᠨ ᠢᠷᠭᠡᠳ ᠨᠢ ᠮᠣᠩᠭᠣᠯ ᠤᠯᠤᠰ ᠤᠨ ᠢᠷᠭᠡᠳ ᠲᠡᠢ Google Translate ᠪᠤᠶᠤ ᠴᠠᠬᠢᠮ ᠣᠷᠴᠢᠭᠤᠯᠭ᠎ᠠ ᠶᠢᠨ ᠬᠡᠷᠡᠭᠰᠡᠯ ᠠᠰᠢᠭᠯᠠᠨ ᠬᠠᠷᠢᠯᠴᠠᠳᠠᠭ ᠪᠥᠭᠡᠳ ᠮᠥᠩᠭᠥ ᠶᠢ ᠨᠢ ᠣᠯᠠᠨ ᠤᠯᠤᠰ ᠤᠨ ᠮᠥᠩᠭᠥᠨ ᠭᠤᠶᠢᠪᠢᠭᠤᠯᠭ᠎ᠠ ᠶᠢᠨ ᠦᠢᠯᠡᠴᠢᠯᠡᠭᠡᠨ ᠨᠦᠭᠦᠳ ᠢ ᠠᠰᠢᠭᠯᠠᠨ ᠹᠢᠯᠢᠫᠢᠨ᠂ ᠢᠨᠳᠤᠨᠢᠰᠢᠶ᠎ᠡ ᠵᠡᠷᠭᠡ ᠵᠡᠭᠦᠨ ᠡᠮᠦᠨᠡᠲᠦ ᠠᠽᠢᠶ᠎ᠠ ᠶᠢᠨ ᠤᠯᠤᠰ ᠤᠳ ᠤᠷᠤᠭᠤ ᠰᠢᠯᠵᠢᠭᠦᠯᠦᠨ ᠠᠪᠴᠤ ᠪᠠᠶᠢᠭ᠎ᠠ ᠶᠤᠮ᠃ ᠡᠶᠢᠮᠦ ᠳᠦ ᠭᠠᠳᠠᠭᠠᠳᠤ ᠨᠡᠷ᠎ᠡ ᠲᠡᠢ᠂ ᠬᠠᠭᠤᠷᠠᠮᠴᠢ ᠬᠠᠶ᠋ᠢᠭ ᠲᠠᠢ ᠢᠷᠭᠡᠳ ᠲᠡᠢ ᠲᠠᠨᠢᠯᠴᠠᠬᠤ ᠦᠭᠡᠢ ᠪᠠᠶᠢᠵᠤ᠂ ᠡᠨᠡ ᠲᠥᠷᠥᠯ ᠦᠨ ᠭᠡᠮᠲᠦ ᠬᠡᠷᠡᠭ ᠲᠦ ᠥᠷᠲᠥᠵᠦ ᠬᠣᠬᠢᠷᠠᠬᠤ ᠠᠴᠠ ᠤᠷᠢᠳᠴᠢᠯᠠᠨ ᠰᠡᠷᠭᠡᠶᠢᠯᠡᠬᠦ ᠶᠢ ᠺᠢᠪᠧᠷ ᠭᠡᠮᠲᠦ ᠬᠡᠷᠡᠭ ᠲᠡᠢ ᠲᠡᠮᠡᠴᠡᠬᠦ ᠠᠯᠪᠠᠨ ᠠᠴᠠ ᠠᠩᠬᠠᠷᠤᠭᠤᠯᠵᠤ ᠪᠠᠶᠢᠨ᠎ᠠ᠃

ᠰᠡᠳᠬᠢᠭᠳᠡᠯ ᠦᠯᠡᠳᠡᠭᠡᠬᠦ