ᠬᠠᠰᠠᠭ ᠲᠦᠮᠡᠨ ᠮᠠᠨᠢ ᠠᠯᠲᠠᠢ ᠶᠢᠨ ᠪᠦᠷᠭᠦᠳ ᠮᠡᠲᠦ ᠬᠡᠶᠢᠮᠣᠷᠢ ᠲᠠᠢ ᠪᠠᠶᠢᠭ | News.MN

ᠬᠠᠰᠠᠭ ᠲᠦᠮᠡᠨ ᠮᠠᠨᠢ ᠠᠯᠲᠠᠢ ᠶᠢᠨ ᠪᠦᠷᠭᠦᠳ ᠮᠡᠲᠦ ᠬᠡᠶᠢᠮᠣᠷᠢ ᠲᠠᠢ ᠪᠠᠶᠢᠭ

ᠮᠣᠩᠭᠣᠯ ᠤᠯᠤᠰ ᠤᠨ ᠶᠡᠷᠦᠩᠬᠡᠶᠢᠯᠡᠭᠴᠢ ᠤ᠊ ∙ᠬᠦᠷᠡᠯᠰᠦ᠋ᠬᠡ ᠨᠠᠤᠷᠢᠽ ᠤᠨ ᠪᠠᠶᠠᠷ ᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩᠭᠣᠯ ᠡᠬᠡ ᠣᠷᠣᠨ ᠤ ᠪᠠᠨ ᠳᠥᠷᠪᠡᠨ ᠵᠦᠭ ᠨᠠᠢ᠌ᠮᠠᠨ ᠵᠣᠪᠬᠢᠰ ᠲᠤ ᠠᠮᠤᠷ ᠲᠠᠶᠢᠪᠤᠩ ᠠᠵᠤ ᠲᠦᠷᠦᠵᠦ ᠪᠠᠶᠢᠭ᠎ᠠ ᠠᠵᠢᠯᠴᠢ ᠬᠢᠴᠢᠶᠡᠩᠭᠦᠢ᠂ ᠠᠪᠢᠶᠠᠰᠯᠢᠭ᠂ ᠬᠥᠳᠡᠯᠮᠦᠷᠢᠴᠢ ᠬᠠᠰᠠᠭ ᠲᠦᠮᠡᠨ ᠳᠦ ᠪᠡᠨ ᠨᠠᠷᠠᠨ ᠤ ᠪᠠᠶᠠᠷ- ᠨᠠᠤᠷᠢᠽ ᠤᠨ ᠪᠠᠶᠠᠷ ᠤᠨ ᠮᠡᠨᠳᠦ ᠶᠢ ᠡᠷᠭᠦᠨ ᠳᠡᠪᠰᠢᠭᠦᠯᠦᠶ᠎ᠡ᠃ ᠡᠳᠦᠷ ᠰᠥᠨᠢ ᠲᠡᠩᠴᠡᠵᠦ᠂ ᠨᠠᠷᠠᠨ ᠨᠠᠭᠠᠰᠢᠯᠠᠵᠤ᠂ ᠥᠷᠭᠡᠨ ᠳᠡᠯᠡᠬᠡᠢ ᠳᠦ ᠤᠷᠢᠨ ᠬᠠᠪᠤᠷ ᠠᠶᠢᠯᠴᠢᠯᠠᠭᠰᠠᠨ ᠢ ᠥᠨᠢ ᠡᠷᠲᠡᠨ ᠡᠴᠡ ᠲᠡᠮᠳᠡᠭᠯᠡᠵᠦ ᠵᠠᠩᠰᠢᠭᠰᠠᠨ 《ᠨᠠᠤᠷᠢᠽ ᠤᠨ ᠪᠠᠶᠠᠷ》 ᠪᠣᠯ ᠵᠥᠪᠬᠡᠨ ᠬᠠᠰᠠᠭ ᠲᠦᠮᠡᠨ ᠦ ᠲᠡᠳᠦᠢ ᠦᠭᠡᠢ᠂ ᠨᠢᠭᠡᠳᠦᠭᠰᠡᠨ ᠦᠨᠳᠦᠰᠦᠨ ᠦ ᠪᠠᠶᠢᠭᠤᠯᠤᠯᠭ᠎ᠠ ᠶᠢᠨ ᠶᠡᠷᠦᠩᠬᠡᠢ ᠠᠰᠰᠠᠮᠪᠯᠧᠢ ᠶᠢᠨ 64 ᠳ᠋ᠡᠬᠢ ᠬᠤᠷᠠᠯᠳᠤᠭᠠᠨ ᠠᠴᠠ 《ᠣᠯᠠᠨ ᠤᠯᠤᠰ ᠤᠨ ᠪᠠᠶᠠᠷ》 ᠬᠡᠮᠡᠨ ᠠᠯᠪᠠᠨ ᠶᠣᠰᠣᠭᠠᠷ ᠪᠠᠲᠤᠯᠠᠭᠰᠠᠨ᠂   ᠶᠤᠨᠧᠰᠺᠤ ᠶᠢᠨ 《ᠳᠡᠯᠡᠬᠡᠢ ᠶᠢᠨ ᠬᠠᠯᠳᠠᠰᠢ ᠦᠭᠡᠢ ᠰᠤᠶᠤᠯ ᠤᠨ ᠥᠪ》 ᠲᠤ ᠪᠦᠷᠢᠳᠬᠡᠭᠳᠡᠭᠰᠡᠨ᠂ ᠨᠡᠶᠢᠲᠡ ᠬᠦᠮᠦᠨ ᠲᠥᠷᠥᠯᠬᠢᠲᠡᠨ ᠦ ᠪᠠᠶᠠᠷ ᠶᠤᠮ᠃
ᠬᠠᠭᠤᠴᠢᠨ ᠵᠢᠯ ᠢᠶᠡᠨ ᠦᠳᠡᠵᠦ᠂ ᠰᠢᠨ᠎ᠡ ᠵᠢᠯ ᠢᠶᠡᠨ ᠤᠭᠲᠤᠬᠤ ᠨᠠᠤᠷᠢᠽ ᠤᠨ ᠪᠠᠶᠠᠷ ᠢ ᠥᠨᠥᠳᠥᠷ ᠳᠡᠯᠡᠬᠡᠢ ᠶᠢᠨ ᠣᠯᠠᠨ ᠣᠷᠣᠨ ᠤ 300 ᠭᠠᠷᠤᠢ ᠰᠠᠶ᠎ᠠ ᠬᠦᠮᠦᠨ ᠶᠣᠰᠣᠯᠠᠨ ᠲᠡᠮᠳᠡᠭᠯᠡᠵᠦ᠂ 《ᠠᠮᠢ ᠲᠠᠢ ᠪᠦᠬᠦᠨ ᠬᠥᠳᠡᠯᠵᠦ᠂ ᠰᠢᠮ᠎ᠡ ᠲᠡᠢ ᠪᠦᠬᠦᠨ ᠢᠪᠢᠯᠬᠦ ᠳᠡᠯᠭᠡᠷ ᠴᠠᠭ ᠢᠷᠡᠯ᠎ᠡ》 ᠬᠡᠮᠡᠨ ᠪᠠᠶᠠᠷᠯᠠᠵᠤ ᠪᠠᠶᠢᠨ᠎ᠠ᠃ ᠮᠠᠨ ᠤ ᠬᠠᠰᠠᠭ ᠲᠦᠮᠡᠨ ᠨᠠᠷᠠᠨ ᠤ ᠪᠠᠶᠠᠷ ᠢᠶᠠᠷ ᠢᠶᠠᠨ 《ᠪᠤᠶᠠᠨ ᠬᠡᠰᠢᠭ᠂ ᠡᠪ ᠨᠢᠭᠡᠳᠦᠯ ᠵᠢᠯ ᠦᠨ ᠡᠬᠢᠨ ᠡᠴᠡ ᠡᠬᠢ ᠲᠡᠢ》 ᠬᠡᠮᠡᠨ ᠪᠡᠯᠭᠡᠰᠢᠶᠡᠵᠦ᠂ ᠠᠵᠠᠢ ᠪᠠᠭᠤᠷᠠᠯ ᠤᠳ ᠢᠶᠠᠨ ᠬᠦᠨᠳᠦᠳᠬᠡᠨ ᠵᠠᠯᠠᠵᠤ᠂ ᠭᠡᠷ ᠪᠦᠯᠢ᠂ ᠠᠬᠠᠨ ᠳᠡᠭᠦᠦᠰ᠂ ᠤᠷᠤᠭ ᠲᠥᠷᠥᠯ᠂ ᠬᠣᠲᠠᠯᠠ ᠣᠯᠠᠨ ᠢᠶᠠᠷ ᠢᠶᠠᠨ ᠤᠴᠠᠷᠠᠨ ᠵᠣᠯᠭᠠᠵᠤ᠂ ᠤᠯᠠᠷᠢᠨ ᠣᠳᠴᠤ ᠪᠠᠶᠢᠭ᠎ᠠ ᠵᠢᠯ ᠦᠨ ᠢᠶᠡᠨ ᠠᠯᠳᠠᠭ᠎ᠠ ᠣᠨᠣᠭ᠎ᠠ ᠶᠢ ᠳ᠋ᠦᠩᠨᠡᠨ᠂ ᠢᠷᠡᠵᠦ ᠪᠠᠶᠢᠭ᠎ᠠ ᠵᠢᠯ ᠦᠨ ᠢᠶᠡᠨ ᠥᠩᠭᠡ ᠲᠥᠯᠥᠪ ᠢ ᠬᠡᠯᠡᠯᠴᠡᠵᠦ᠂ ᠥᠲᠡᠭᠦᠰ ᠪᠤᠭᠤᠷᠤᠯ ᠤᠳ ᠨᠢ ᠢᠳᠡᠷ ᠵᠠᠯᠠᠭᠤᠰ ᠲᠤ ᠪᠠᠨ ᠮᠡᠷᠭᠡᠨ ᠰᠤᠷᠭᠠᠯ ᠢᠶᠠᠨ ᠠᠶᠢᠯᠠᠳᠴᠤ᠂ ᠦᠭᠡ ᠶᠢᠨ ᠰᠠᠶᠢᠨ ᠢ ᠬᠡᠯᠡᠯᠴᠡᠨ᠂ ᠦᠢᠯᠡ ᠶᠢᠨ ᠰᠠᠶᠢᠨ ᠢ ᠪᠡᠯᠭᠡᠳᠡᠵᠦ᠂ ᠡᠳ᠋  ᠦᠨ ᠳᠡᠭᠡᠳᠦ ᠶᠢ ᠡᠮᠦᠰᠴᠦ᠂ ᠢᠳᠡᠭᠡᠨ ᠦ ᠪᠡᠨ ᠳᠡᠭᠡᠵᠢ ᠶᠢ ᠬᠦᠷᠲᠡᠳᠡᠭ ᠪᠠᠬᠠᠳᠤᠮ᠎ᠠ ᠰᠠᠶᠢᠬᠠᠨ ᠤᠯᠠᠮᠵᠢᠯᠠᠯ ᠲᠠᠢ᠃
ᠬᠠᠰᠠᠭ ᠲᠦᠮᠡᠨ ᠬᠡᠯᠡ᠂ ᠰᠤᠶᠤᠯ ᠢᠶᠠᠨ ᠬᠠᠳᠠᠭᠠᠯᠠᠬᠤ ᠶᠢᠨ ᠵᠡᠷᠭᠡᠴᠡᠭᠡ ᠮᠣᠩᠭᠣᠯ ᠬᠡᠯᠡ᠂ ᠶᠣᠰᠣ ᠵᠠᠩᠰᠢᠯ᠂ ᠪᠢᠴᠢᠭ ᠦᠰᠦᠭ ᠢᠶᠡᠨ ᠰᠠᠶᠢᠲᠤᠷ ᠰᠤᠷᠤᠯᠴᠠᠵᠤ᠂ ᠦᠨᠳᠦᠰᠦᠨ ᠬᠠᠤᠯᠢ ᠪᠠᠷ ᠣᠯᠭᠤᠭᠰᠠᠨ ᠡᠷᠬᠡ᠂ ᠡᠭᠦᠷᠭᠡ ᠪᠡᠨ ᠪᠦᠷᠢᠨ ᠳᠦᠭᠦᠷᠡᠩ ᠡᠳ᠋ᠯᠡᠬᠦ ᠤᠴᠢᠷ ᠲᠠᠢ᠃ ᠬᠠᠰᠠᠭ ᠳᠠᠭᠤᠤ ᠬᠥᠭᠵᠢᠮ᠂ ᠪᠦᠵᠢᠭ ᠨᠠᠭᠠᠳᠤᠮ᠂ ᠰᠢᠷᠢᠮᠡᠯ ᠬᠠᠳᠬᠤᠮᠠᠯ ᠤᠷᠠᠯᠠᠯ ᠵᠡᠷᠭᠡ ᠥᠪ ᠶᠡᠬᠡ ᠤᠯᠠᠮᠵᠢᠯᠠᠯ ᠢᠶᠠᠨ ᠤᠯᠠᠮ ᠬᠥᠭᠵᠢᠭᠦᠯᠵᠦ᠂ ᠰᠤᠷᠲᠠᠯᠴᠢᠯᠠᠨ ᠲᠠᠨᠢᠭᠤᠯᠵᠤ᠂ ᠲᠦᠭᠡᠭᠡᠨ ᠳᠡᠯᠭᠡᠷᠡᠭᠦᠯᠬᠦ ᠨᠢ ᠵᠦᠢᠲᠡᠢ᠃ ᠥᠷᠨᠢᠭᠦᠨ ᠬᠥᠳᠡᠯᠮᠦᠷᠢᠴᠢ ᠬᠠᠰᠠᠭ ᠲᠦᠮᠡᠨ ᠡᠴᠡ ᠮᠠᠨᠢ ᠬᠠᠷᠢᠭᠤᠴᠠᠭᠰᠠᠨ ᠠᠵᠢᠯ ᠳᠤ ᠪᠠᠨ ᠮᠡᠷᠭᠡᠵᠢᠯ ᠦᠨ ᠤᠷ᠎ᠠ ᠴᠢᠳᠠᠪᠤᠷᠢ ᠭᠠᠷᠭᠠᠵᠤ᠂ ᠮᠡᠳᠡᠯᠭᠡ ᠲᠤᠷᠰᠢᠯᠭ᠎ᠠ ᠪᠠᠨ ᠳᠠᠶᠢᠴᠢᠯᠠᠨ᠂ ᠦᠷ᠎ᠡ ᠪᠦᠲᠦᠭᠡᠯ ᠲᠡᠢ ᠠᠵᠢᠯᠯᠠᠭᠰᠠᠨ ᠰᠢᠯᠢᠳᠡᠭ ᠦᠳ ᠦᠢᠯᠡᠰ ᠪᠦᠲᠦᠭᠡᠯ ᠢᠶᠡᠨ ᠲᠥᠷᠥ ᠳᠦ ᠪᠡᠨ ᠦᠨᠡᠯᠡᠭᠦᠯᠵᠦ᠂ ᠣᠯᠠᠨ ᠭᠠᠪᠢᠶᠠᠲᠤ᠂ ᠠᠯᠳᠠᠷᠲᠠᠨ ᠲᠥᠷᠦᠭᠰᠡᠨ ᠳᠦ ᠴᠢᠩ ᠰᠡᠳᠬᠢᠯ ᠦᠨ ᠬᠠᠯᠠᠭᠤᠨ ᠪᠠᠶᠠᠷ ᠬᠦᠷᠭᠡᠶ᠎ᠡ᠃ ᠠᠵᠢᠯᠴᠢ᠂ ᠬᠢᠴᠢᠶᠡᠩᠭᠦᠢ ᠬᠠᠰᠠᠭ ᠲᠦᠮᠡᠨ ᠦ ᠮᠠᠨᠢ ᠠᠬᠤᠢ ᠠᠮᠢᠳᠤᠷᠠᠯ ᠠᠵᠠ ᠵᠢᠷᠭᠠᠯ ᠢᠶᠠᠷ ᠪᠢᠯᠬᠠᠵᠤ᠂ ᠠᠵᠢᠯ ᠦᠢᠯᠡᠰ ᠨᠢ ᠠᠮᠵᠢᠯᠲᠠ ᠪᠦᠲᠦᠭᠡᠯ ᠢᠶᠡᠷ ᠴᠠᠯᠭᠢᠵᠤ᠂ ᠠᠯᠲᠠᠢ ᠶᠢᠨ ᠪᠦᠷᠭᠦᠳ ᠮᠡᠲᠦ ᠬᠡᠶᠢᠮᠣᠷᠢ ᠲᠠᠢ ᠪᠠᠶᠢᠭ᠃ ᠮᠥᠩᠬᠡ ᠲᠩᠷᠢ ᠶᠢᠨ ᠬᠦᠴᠦᠨ ᠳᠣᠣᠷ᠎ᠠ ᠮᠣᠩᠭᠣᠯ ᠤᠯᠤᠰ ᠮᠠᠨᠳᠤᠨ ᠪᠠᠳᠠᠷᠠᠬᠤ ᠪᠣᠯᠲᠤᠭᠠᠢ᠃

ᠰᠡᠳᠬᠢᠭᠳᠡᠯ ᠦᠯᠡᠳᠡᠭᠡᠬᠦ