ᠤ᠊∙ᠬᠦᠷᠡᠯᠰᠦ᠋ᠬᠡ ᠰᠢ ᠵᠢᠨ ᠫᠢᠩ ᠳᠦ ᠡᠮᠭᠡᠨᠢᠯ ᠦᠨ ᠴᠠᠬᠢᠯᠭᠠᠨ ᠤᠲᠠᠰᠤ ᠢᠯᠡᠭᠡᠪᠡ | News.MN

ᠤ᠊∙ᠬᠦᠷᠡᠯᠰᠦ᠋ᠬᠡ ᠰᠢ ᠵᠢᠨ ᠫᠢᠩ ᠳᠦ ᠡᠮᠭᠡᠨᠢᠯ ᠦᠨ ᠴᠠᠬᠢᠯᠭᠠᠨ ᠤᠲᠠᠰᠤ ᠢᠯᠡᠭᠡᠪᠡ

ᠮᠣᠩᠭᠣᠯ ᠤᠯᠤᠰ ᠤᠨ ᠶᠡᠷᠦᠩᠬᠡᠶᠢᠯᠡᠭᠴᠢ ᠤ᠊∙ᠬᠦᠷᠡᠯᠰᠦ᠋ᠬᠡ ᠥᠨᠥᠳᠥᠷ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠳᠠᠷᠤᠭ᠎ᠠ ᠰᠢ ᠵᠢᠨ ᠫᠢᠩ ᠳᠦ ᠡᠮᠭᠡᠨᠢᠯ ᠦᠨ ᠴᠠᠬᠢᠯᠭᠠᠨ ᠤᠲᠠᠰᠤ ᠢᠯᠡᠭᠡᠪᠡ᠃ ᠴᠠᠬᠢᠯᠭᠠᠨ ᠤᠲᠠᠰᠤᠨ ᠳᠤ᠄ ᠪᠦᠭᠦᠳᠡ ᠨᠠᠶᠢᠷᠠᠮᠳᠠᠬᠤ ᠬᠢᠲᠠᠳ ᠠᠷᠠᠳ ᠤᠯᠤᠰ ᠤᠨ ᠦ ᠵᠸᠤ ᠬᠤᠲᠠ ᠳᠤ ᠵᠣᠷᠴᠢᠭᠴᠢ ᠲᠡᠭᠡᠭᠡᠪᠦᠷᠢ ᠶᠢᠨ ᠣᠩᠭᠣᠴᠠ ᠣᠰᠣᠯᠳᠠᠵᠤ᠂ ᠣᠯᠠᠨ ᠬᠦᠮᠦᠨ ᠦ ᠡᠷᠳᠡᠨᠢᠲᠦ ᠠᠮᠢ ᠡᠷᠡᠰᠳᠡᠭᠰᠡᠨ  ᠡᠮᠭᠡᠨᠢᠯᠲᠦ ᠶᠠᠪᠤᠳᠠᠯ ᠲᠣᠬᠢᠶᠠᠯᠳᠤᠭᠰᠠᠨ ᠳᠤ ᠲᠠᠨ ᠳᠤ ᠪᠣᠯᠤᠨ ᠲᠠᠨ ᠢᠶᠠᠷ ᠤᠯᠠᠮᠵᠢᠯᠠᠨ ᠬᠢᠲᠠᠳ ᠤᠨ ᠠᠷᠠᠳ ᠲᠦᠮᠡᠨ᠂ ᠠᠮᠢ ᠦᠷᠡᠭᠳᠡᠭᠰᠡᠳ ᠦᠨ ᠠᠷᠤ ᠭᠡᠷ ᠲᠦ ᠭᠦᠨ ᠡᠮᠭᠡᠨᠢᠯ ᠢᠯᠡᠷᠬᠡᠶᠢᠯᠡᠶ᠎ᠡ ᠭᠡᠵᠡᠢ᠃
ᠲᠠᠰᠢᠷᠠᠮ ᠳᠤ ᠳᠤᠷᠠᠳᠬᠤ ᠳᠤ᠂ ᠳᠠᠸᠠ ᠭᠠᠷᠠᠭ ᠲᠤ China Eastern Airlines ᠺᠣᠮᠫᠠᠨᠢ ᠶᠢᠨ ᠵᠣᠷᠴᠢᠭᠴᠢ ᠲᠡᠭᠡᠭᠡᠪᠦᠷᠢ ᠶᠢᠨ Boeing 737 ᠨᠢᠰᠬᠦ ᠣᠩᠭᠣᠴᠠ ᠬᠢᠲᠠᠳ ᠤᠨ ᠭᠤᠸᠠᠩᠰᠢ ᠵᠤᠸᠠᠩ ᠤᠨ ᠥᠪᠡᠷᠲᠡᠭᠡᠨ ᠵᠠᠰᠠᠬᠤ ᠣᠷᠣᠨ ᠤ ᠦ ᠵᠸᠤ ᠲᠣᠭᠣᠷᠢᠭ ᠤᠨ  ᠲᠸᠩ ᠬᠣᠰᠢᠭᠤᠨ ᠳᠤ ᠣᠰᠣᠯᠳᠠᠭᠰᠠᠨ ᠲᠤᠬᠠᠢ ᠲᠤᠰ ᠤᠯᠤᠰ ᠤᠨ ᠢᠷᠭᠡᠨ ᠦ ᠠᠭᠠᠷ ᠤᠨ ᠲᠡᠭᠡᠭᠡᠪᠦᠷᠢ ᠶᠢᠨ ᠤᠳᠤᠷᠢᠳᠬᠤ ᠭᠠᠵᠠᠷ ᠮᠡᠳᠡᠭᠡᠯᠡᠭᠰᠡᠨ ᠶᠤᠮ᠃ ᠤᠭ ᠣᠩᠭᠣᠴᠠᠨ ᠳᠤ ᠪᠠᠭ ᠤᠨ ᠶᠢᠰᠦᠨ ᠭᠡᠰᠢᠭᠦᠨ ᠢ ᠣᠷᠣᠭᠤᠯᠤᠭᠠᠳ 123 ᠬᠦᠮᠦᠨ ᠰᠠᠭᠤᠵᠤ ᠶᠠᠪᠤᠵᠠᠢ᠃

ᠰᠡᠳᠬᠢᠭᠳᠡᠯ ᠦᠯᠡᠳᠡᠭᠡᠬᠦ