《ᠨᠠᠤᠷᠢᠽ ᠤᠨ ᠪᠠᠶᠠᠷ》ᠥᠪ  ᠤᠨ ᠪᠠᠷᠢᠮᠲᠠ ᠪᠢᠴᠢᠭ ᠢ ᠶᠤᠨᠧᠰᠺᠤ ᠳᠦ ᠬᠦᠷᠭᠡᠭᠦᠯᠬᠦ ᠪᠡᠷ ᠳᠡᠮᠵᠢᠵᠡᠢ | News.MN

《ᠨᠠᠤᠷᠢᠽ ᠤᠨ ᠪᠠᠶᠠᠷ》ᠥᠪ  ᠤᠨ ᠪᠠᠷᠢᠮᠲᠠ ᠪᠢᠴᠢᠭ ᠢ ᠶᠤᠨᠧᠰᠺᠤ ᠳᠦ ᠬᠦᠷᠭᠡᠭᠦᠯᠬᠦ ᠪᠡᠷ ᠳᠡᠮᠵᠢᠵᠡᠢ

ᠬᠠᠰᠠᠭ ᠲᠦᠮᠡᠨ ᠦ ᠬᠠᠪᠤᠷ ᠤᠨ ᠪᠠᠶᠠᠷ《ᠨᠠᠤᠷᠢᠽ ᠤᠨ ᠪᠠᠶᠠᠷ》 ᠨᠢ ᠠᠽᠧᠷᠪᠠᠶᠢᠵᠠᠨ᠂ ᠡᠨᠡᠳᠬᠡᠭ᠂ ᠢᠷᠡᠨ᠂ ᠺᠢᠷᠭᠢᠽᠰᠲ᠋ᠠᠨ᠂ ᠦᠽᠪᠸᠺᠰᠲ᠋ᠠᠨ᠂  ᠫᠠᠺᠢᠰᠲ᠋ᠠᠨ᠂  ᠲᠦᠷᠺ ᠤᠯᠤᠰ ᠤᠨ ᠰᠠᠨᠠᠭᠠᠴᠢᠯᠠᠭ᠎ᠠ ᠪᠠᠷ ᠶᠤᠨᠧᠰᠺᠤ ᠶᠢᠨ ᠬᠦᠮᠦᠨ ᠲᠥᠷᠥᠯᠬᠢᠲᠡᠨ ᠦ ᠰᠤᠶᠤᠯ ᠤᠨ ᠪᠡᠶᠡᠲᠦ ᠪᠤᠰᠤ ᠥᠪ ᠦᠨ ᠲᠥᠯᠥᠭᠡᠯᠡᠯ ᠦᠨ ᠵᠢᠭᠰᠠᠭᠠᠯᠲᠠ ᠳᠤ 2009 ᠣᠨ ᠳᠤ ᠪᠦᠷᠢᠳᠬᠡᠭᠳᠡᠵᠦ᠂ 2016 ᠣᠨ ᠳᠤ ᠠᠪᠭᠠᠨᠢᠰᠲ᠋ᠠᠨ᠂ ᠬᠠᠰᠠᠭᠰᠲ᠋ᠠᠨ᠂ ᠢᠷᠠᠺ᠂ ᠲᠠᠵᠢᠺᠰᠲ᠋ᠠᠨ᠂ ᠲᠦᠷᠺᠮᠧᠨᠢᠰᠲ᠋ᠠᠨ ᠤᠯᠤᠰ ᠤᠳ ᠨᠡᠮᠡᠭᠳᠡᠭᠰᠡᠨ ᠬᠦᠮᠦᠨ ᠲᠥᠷᠥᠯᠬᠢᠲᠡᠨ ᠦ ᠰᠤᠶᠤᠯ ᠤᠨ ᠦᠨᠡᠲᠦ ᠵᠦᠢᠯ ᠦᠨ ᠨᠢᠭᠡ ᠶᠤᠮ᠃
《ᠨᠠᠤᠷᠢᠽ ᠤᠨ ᠪᠠᠶᠠᠷ》 ᠤᠨ ᠲᠡᠮᠳᠡᠭᠯᠡᠯᠲᠦ ᠡᠳᠦᠷ ᠰᠤᠶᠤᠯ ᠤᠨ ᠳᠡᠳ᠋ ᠰᠠᠶᠢᠳ ᠮ ∙ ᠪᠠᠲᠤᠪᠠᠶᠠᠷ ᠢᠶᠠᠷ ᠠᠬᠠᠯᠠᠭᠤᠯᠤᠭᠰᠠᠨ《ᠰᠤᠶᠤᠯ ᠤᠨ ᠪᠡᠶᠡᠲᠦ ᠪᠤᠰᠤ ᠥᠪ ᠦᠨ ᠮᠡᠷᠭᠡᠵᠢᠯ ᠦᠨ ᠵᠥᠪᠯᠡᠯ》ᠬᠤᠷᠠᠯᠳᠤᠵᠤ᠂ 《ᠨᠠᠤᠷᠢᠽ ᠤᠨ ᠪᠠᠶᠠᠷ》ᠥᠪ ᠦᠨ ᠰᠤᠳᠤᠯᠭ᠎ᠠ᠂ ᠨᠡᠷ᠎ᠡ ᠳᠡᠪᠰᠢᠭᠦᠯᠬᠦ ᠪᠠᠷᠢᠮᠲᠠ ᠪᠢᠴᠢᠭ ᠲᠡᠢ ᠲᠠᠨᠢᠯᠴᠠᠵᠤ᠂ ᠨᠡᠷ᠎ᠡ ᠳᠡᠪᠰᠢᠭᠦᠯᠬᠦ ᠪᠠᠷᠢᠮᠲᠠ ᠪᠢᠴᠢᠭ ᠢ ᠢᠰᠯᠠᠮ ᠤᠨ ᠪᠦᠭᠦᠳᠡ ᠨᠠᠶᠢᠷᠠᠮᠳᠠᠬᠤ ᠢᠷᠡᠨ ᠤᠯᠤᠰ ᠤᠨ  ᠶᠤᠨᠧᠰᠺᠤ ᠶᠢᠨ ᠦᠨᠳᠦᠰᠦᠨ ᠦ ᠺᠣᠮᠢᠰ ᠢᠶᠠᠷ ᠳᠠᠮᠵᠢᠭᠤᠯᠤᠨ ᠶᠤᠨᠧᠰᠺᠤ ᠶᠢᠨ ᠰᠤᠶᠤᠯ ᠤᠨ ᠪᠡᠶᠡᠲᠦ ᠪᠤᠰᠤ ᠥᠪ ᠢ ᠬᠠᠮᠠᠭᠠᠯᠠᠬᠤ ᠲᠤᠬᠠᠢ 2003 ᠣᠨ ᠤ ᠺᠤᠨᠧᠸ᠋ᠸᠨᠼ ᠤᠨ ᠨᠠᠷᠢᠨ ᠪᠢᠴᠢᠭ ᠦᠨ ᠳᠠᠷᠤᠭ᠎ᠠ ᠨᠠᠷ ᠤᠨ ᠭᠠᠵᠠᠷ ᠲᠤ ᠬᠦᠷᠭᠡᠭᠦᠯᠬᠦ ᠪᠡᠷ ᠪᠤᠯᠪᠠ᠃

ᠰᠡᠳᠬᠢᠭᠳᠡᠯ ᠦᠯᠡᠳᠡᠭᠡᠬᠦ