《ᠨᠠᠳᠠ ᠳᠤ ᠨᠢᠭᠡ ᠢᠯᠡᠭᠦᠦ ᠨᠣᠮ ᠪᠠᠶᠢᠨ᠎ᠠ》ᠠᠶᠠᠨ ᠢ ᠦᠷᠨᠢᠭᠦᠯᠵᠡᠢ | News.MN

《ᠨᠠᠳᠠ ᠳᠤ ᠨᠢᠭᠡ ᠢᠯᠡᠭᠦᠦ ᠨᠣᠮ ᠪᠠᠶᠢᠨ᠎ᠠ》ᠠᠶᠠᠨ ᠢ ᠦᠷᠨᠢᠭᠦᠯᠵᠡᠢ

ᠳᠤᠮᠳᠠᠭᠤᠪᠢ ᠠᠶᠢᠮᠠᠭ ᠤᠨ ᠡᠷᠳᠡᠨᠢᠳᠠᠯᠠᠢ ᠰᠤᠮᠤ ᠶᠢᠨ 2A ᠠᠩᠬᠢ ᠶᠢᠨ ᠡᠴᠢᠭᠡ ᠡᠬᠡᠴᠦᠳ ᠰᠠᠨᠠᠭᠠᠴᠢᠯᠭ᠎ᠠ ᠪᠠᠷ ᠢᠶᠠᠨ ᠴᠢᠯᠦᠭᠡᠲᠦ ᠨᠣᠮ ᠤᠨ ᠰᠠᠩ ᠪᠠᠶᠢᠭᠤᠯᠵᠤ᠂ ᠪᠠᠭ᠎ᠠ ᠠᠩᠬᠢ ᠶᠢᠨ ᠰᠤᠷᠤᠭᠴᠢᠳ ᠢ ᠨᠣᠮ ᠲᠠᠢ ᠨᠥᠬᠦᠷᠯᠡᠭᠦᠯᠬᠦ᠂ ᠲᠡᠳᠡᠨ ᠦ ᠤᠩᠰᠢᠵᠤ ᠤᠶᠢᠯᠠᠭᠠᠬᠤ᠂ ᠶᠠᠷᠢᠬᠤ ᠴᠢᠳᠠᠪᠤᠷᠢ ᠳᠤ ᠠᠬᠢᠴᠠ ᠭᠠᠷᠭᠠᠬᠤ ᠵᠣᠷᠢᠯᠭ᠎ᠠ ᠪᠠᠷ ᠨᠡᠶᠢᠲᠡ ᠰᠤᠷᠤᠭᠴᠢᠳ ᠤᠨ ᠳᠤᠮᠳᠠ 《ᠨᠠᠳᠠ ᠳᠤ ᠨᠢᠭᠡ ᠢᠯᠡᠭᠦᠦ ᠨᠣᠮ ᠪᠠᠶᠢᠨ᠎ᠠ》 ᠠᠶᠠᠨ ᠢ ᠥᠷᠨᠢᠭᠦᠯᠵᠦ᠂ ᠰᠤᠷᠤᠭᠴᠢᠳ 322 ᠨᠣᠮ ᠬᠠᠨᠳᠢᠪᠯᠠᠯ᠎ᠠ᠃
ᠬᠠᠨᠳᠢᠪ ᠤᠨ ᠨᠣᠮ ᠢᠶᠠᠷ ᠠᠩᠭᠢ ᠲᠤᠰ ᠪᠦᠷᠢ ᠦᠵᠡᠰᠬᠦᠯᠡᠩ ᠭᠠᠷᠭᠠᠵᠤ᠂ ᠬᠠᠮᠤᠭ ᠤᠨ ᠣᠯᠠᠨ ᠨᠣᠮ ᠬᠠᠨᠳᠢᠪᠯᠠᠭᠰᠠᠨ 5A ᠠᠩᠭᠢ ᠶᠢ ᠰᠢᠯᠭᠠᠷᠠᠭᠤᠯᠤᠨ ᠤᠷᠮᠠᠰᠢᠭᠤᠯᠵᠤ᠂ ᠮᠥᠨ ᠬᠠᠮᠤᠭ ᠤᠨ ᠬᠣᠪᠣᠷ ᠨᠠᠨᠳᠢᠨ︵ᠰᠣᠩᠭᠣᠳᠠᠭ 100 ᠦᠯᠢᠭᠡᠷ︶ᠨᠣᠮ ᠬᠠᠨᠳᠢᠪᠯᠠᠭᠰᠠᠨ 5A ᠠᠩᠬᠢ ᠶᠢᠨ ᠰᠤᠷᠤᠭᠴᠢ ᠭ∙ᠦᠦᠷ ᠦᠨ ᠭᠡᠭᠡ ᠶᠢ ᠱᠠᠩᠨᠠᠵᠠᠢ᠃
ᠡᠴᠢᠭᠡ ᠡᠬᠡ ᠶᠢᠨ ᠲᠥᠯᠥᠭᠡᠯᠡᠯ ᠭ∙ᠡᠩᠬᠡᠮ᠎ᠠ ᠬᠡᠯᠡᠬᠦ ᠳᠦ ᠪᠡᠨ᠄ ᠪᠢᠳᠡ ᠱᠠᠲᠤᠨ ᠤ ᠳᠤᠤᠷᠠᠳᠤ ᠲᠠᠯ᠎ᠠ ᠶᠢᠨ ᠠᠰᠢᠭᠯᠠᠭᠳᠠᠳᠠᠭ ᠦᠭᠡᠢ ᠬᠣᠩᠭᠢᠯ ᠢ ᠲᠣᠬᠢᠵᠢᠭᠤᠯᠤᠨ᠂ ᠨᠣᠮ ᠤᠨ ᠰᠠᠩ ᠪᠠᠶᠢᠭᠤᠯᠵᠤ᠂ ᠡᠬᠢᠨ ᠦ ᠤᠳᠠᠭ᠎ᠠ ᠢᠳᠡᠪᠬᠢᠵᠢᠭᠦᠯᠵᠦ ᠠᠵᠢᠯᠯᠠᠯ᠎ᠠ᠃ ᠴᠢᠨᠠᠭᠰᠢᠳᠠ ᠪᠠᠨ ᠤᠯᠠᠷᠢᠯ ᠪᠦᠷᠢ ᠬᠡᠦᠬᠡᠳ ᠦᠳ ᠦᠨ ᠨᠣᠮ ᠤᠩᠰᠢᠬᠤ ᠰᠣᠨᠢᠷᠬᠠᠯ ᠢᠳᠡᠪᠬᠢ ᠶᠢ ᠥᠷᠨᠢᠭᠦᠯᠬᠦ᠂ ᠣᠶᠤᠨ ᠤᠬᠠᠭᠠᠨ ᠢ ᠲᠡᠯᠡᠬᠦ ᠤᠷᠤᠯᠳᠤᠭᠠᠨ ᠲᠡᠮᠡᠴᠡᠭᠡᠨ ᠵᠣᠬᠢᠶᠠᠨ ᠪᠠᠶᠢᠭᠤᠯᠤᠨ᠎ᠠ ᠭᠡᠯ᠎ᠡ᠃

ᠰᠡᠳᠬᠢᠭᠳᠡᠯ ᠦᠯᠡᠳᠡᠭᠡᠬᠦ