︽ᠳᠠᠭᠤ ᠲᠠᠢ ᠬᠤᠷᠤᠭᠤ︾ᠨᠠᠭᠠᠳᠤᠭᠠᠢ ᠶᠢ ᠨᠡᠶᠢᠲᠡ ᠶᠢᠨ ᠬᠦᠷᠲᠡᠭᠡᠯ ᠪᠣᠯᠭᠠᠨ᠎ᠠ | News.MN

︽ᠳᠠᠭᠤ ᠲᠠᠢ ᠬᠤᠷᠤᠭᠤ︾ᠨᠠᠭᠠᠳᠤᠭᠠᠢ ᠶᠢ ᠨᠡᠶᠢᠲᠡ ᠶᠢᠨ ᠬᠦᠷᠲᠡᠭᠡᠯ ᠪᠣᠯᠭᠠᠨ᠎ᠠ

ᠮᠣᠩᠭᠣᠯ ᠤᠨ ᠤᠯᠠᠮᠵᠢᠯᠠᠯᠲᠤ ᠠᠮᠠᠨ ᠨᠠᠭᠠᠳᠤᠭᠠᠢ ᠳᠡᠮᠪᠡᠭᠡ ᠲᠠᠢ ᠲᠦᠰᠳᠡᠢ ᠴᠤ ᠥᠪᠡᠷ ᠤᠨ ᠭᠡᠭᠰᠡᠨ ᠣᠨᠴᠠᠯᠢᠭ ᠬᠡᠪ ᠮᠠᠶ᠋ᠢᠭ  ᠪᠦᠬᠦᠢ ᠬᠤᠷᠤᠭᠤ ᠲᠡᠭᠠᠯᠴᠡᠬᠤ ᠨᠠᠭᠠᠳᠤᠭᠠᠢ ᠶᠢᠨ ᠲᠥᠷᠥᠯ ᠢ ᠪᠠᠶᠠᠩᠬᠤᠩᠭᠤᠷ ᠠᠶᠢᠮᠠᠭ ᠤᠨ ᠬᠢᠨ ᠤᠯᠠᠮᠵᠢᠯᠠᠨ ᠬᠥᠭᠵᠢᠭᠦᠯᠵᠦ ᠪᠠᠶᠢᠨ᠎ᠡ᠃ ᠡᠷᠳᠡᠨᠢᠴᠣᠭᠲᠤ᠂ ᠪᠠᠶᠠᠨ ᠪᠠᠷᠬᠠᠢ ᠣᠪᠤᠭ᠎ᠠ ᠵᠡᠷᠭᠡ ᠰᠤᠮᠤ ᠶᠢᠨ ᠠᠷᠠᠳ ᠢᠷᠭᠡᠳ ᠤᠨ ᠳᠤᠮᠳᠠ ᠦᠶ᠎ᠡ ᠳᠡᠮᠵᠢᠨ ᠤᠯᠠᠮᠵᠢᠯᠠᠭᠳᠠᠵᠤ ᠢᠷᠡᠭᠰᠡᠨ︽ᠳᠠᠭᠤ ᠲᠠᠢ ᠬᠤᠷᠤᠭᠤ︾ᠭᠡᠮᠡᠬᠦ ᠨᠠᠭᠠᠳᠤᠭᠠᠢ ᠨᠢ ᠰᠡᠳᠬᠢᠨ ᠪᠣᠳᠤᠬᠤ᠂ ᠭᠦᠢᠯᠭᠡᠭᠡ ᠤᠬᠠᠭᠠᠨ ᠰᠠᠶᠢᠵᠢᠷᠠᠭᠤᠯᠬᠤ᠂ ᠰᠤᠨᠦᠰᠬᠤ ᠮᠡᠳᠡᠷᠡᠬᠦᠶ ᠬᠥᠭᠵᠢᠭᠦᠯᠬᠦ᠂ ᠬᠡᠯᠡ ᠶᠠᠷᠢᠶ᠎ᠠ ᠤᠷᠠᠨ ᠲᠤᠳᠦ ᠬᠡᠯᠡᠯᠭᠡ᠂ ᠬᠤᠷᠴᠠ ᠤᠬᠠᠭᠠᠨ ᠳᠦ ᠰᠤᠷᠭᠠᠳᠠᠭ ᠵᠡᠷᠭᠡ ᠣᠯᠠᠨ ᠣᠨᠴᠠᠯᠢᠭ ᠳᠠᠪᠠᠭᠤ ᠲᠠᠯ᠎ᠠ ᠲᠠᠢ᠃
ᠪᠠᠶᠠᠩᠬᠤᠩᠭᠤᠷ ᠠᠶᠢᠮᠠᠭ ᠤᠨ ᠡᠷᠳᠡᠨᠢᠴᠣᠭᠲᠤ ᠰᠤᠮᠤ ᠶᠢᠨ  ᠢᠷᠭᠡᠳ ᠤᠨ ᠲᠥᠯᠥᠭᠡᠯᠡᠭᠴᠢᠳ ᠤᠨ ᠬᠤᠷᠠᠯ᠂  ᠵᠠᠰᠠᠭ ᠳᠠᠷᠤᠭ᠎ᠠ ᠶᠢᠨ ᠲᠠᠮᠠᠭ᠎ᠠ ᠶᠢᠨ ᠭᠠᠵᠠᠷ ᠠᠴᠠ  ᠡᠨᠡ ᠬᠦ ᠦᠨᠳᠦᠰᠦᠨ ᠤ ᠤᠯᠠᠮᠵᠢᠯᠠᠯᠲᠤ ᠨᠠᠭᠠᠳᠤᠭᠠᠢ ᠶᠢ ᠵᠠᠯᠠᠭᠤ ᠦᠶ᠎ᠡ ᠶᠢᠨ ᠬᠢᠨ ᠳᠡᠭᠡᠨ ᠥᠪᠯᠡᠭᠦᠯᠵᠦ ᠦᠯᠡᠳᠡᠭᠡᠬᠦ ᠵᠣᠷᠢᠯᠭ᠎ᠠ ᠪᠠᠷ ᠵᠢᠯ ᠪᠦᠷᠢ ᠳᠠᠭᠤ ᠲᠠᠢ ᠬᠤᠷᠤᠭᠤᠨ ᠤ  ᠨᠠᠭᠠᠳᠤᠭᠠᠢ ᠶᠢ ᠵᠣᠬᠢᠶᠠᠨ ᠪᠠᠶᠢᠭᠤᠯᠳᠠᠭ ᠪᠠᠶᠢᠨ᠎ᠡ᠃ ᠮᠦᠠ ᠲᠤᠰ ᠠᠶᠢᠮᠠᠭ ᠲᠤ︽ᠳᠠᠭᠤ ᠲᠠᠢ ᠬᠤᠷᠤᠭᠤᠨ ᠤ ᠬᠤᠯᠪᠣᠭ᠎ᠠ︾ᠪᠠᠶᠢᠭᠤᠯᠤᠭᠳᠠᠭᠰᠠᠨ ᠪᠥᠭᠡᠳ ᠡᠷᠲᠡ ᠳᠡᠭᠡᠷ᠎ᠡ ᠦᠶ᠎ᠡ ᠠᠴᠠ ᠤᠯᠠᠮᠵᠢᠯᠠᠨ ᠢᠷᠡᠭᠰᠡᠨ ᠰᠣᠶᠤᠯ ᠤᠨ ᠪᠡᠶᠡᠲᠦ ᠪᠤᠰᠤ ᠥᠪ ᠢ ᠬᠤᠶᠢᠴᠢ ᠦᠶ᠎ᠡ᠂ ᠬᠡᠦᠬᠡᠳ ᠵᠠᠯᠠᠭᠤᠴᠤᠳ ᠲᠤ ᠪᠠᠨ ᠥᠪᠯᠡᠭᠦᠯᠬᠦ᠂ ᠤᠯᠠᠮ ᠢᠶᠠᠷ ᠨᠡᠶᠢᠲᠡ ᠶᠢᠨ ᠬᠦᠷᠲᠡᠭᠡᠯ ᠪᠣᠯᠭᠠᠨ ᠲᠦᠭᠡᠭᠡᠨ ᠳᠡᠯᠭᠡᠷᠡᠭᠦᠯᠬᠦ ᠠᠵᠢᠯ ᠢ ᠵᠣᠬᠢᠶᠠᠨ ᠪᠠᠶᠢᠭᠤᠯᠬᠤ ᠪᠠᠷ ᠲᠥᠯᠥᠪᠯᠡᠨ ᠠᠵᠢᠯᠯᠠᠵᠤ ᠪᠠᠶᠢᠭ᠎ᠠ ᠶᠤᠮ ᠪᠠᠶᠢᠨ᠎ᠡ᠃

ᠰᠡᠳᠬᠢᠭᠳᠡᠯ ᠦᠯᠡᠳᠡᠭᠡᠬᠦ