ᠲᠡᠦᠬᠡᠨ ᠳᠤᠷᠠᠰᠬᠠᠯᠲᠤ ᠥᠪ ᠢ ᠬᠠᠮᠠᠭᠠᠯᠠᠵᠤ ᠪᠠᠶᠢᠭ᠎ᠠ ᠢᠷᠭᠡᠳ ᠢ ᠤᠷᠮᠠᠰᠢᠭᠤᠯᠤᠨ᠎ᠠ | News.MN

ᠲᠡᠦᠬᠡᠨ ᠳᠤᠷᠠᠰᠬᠠᠯᠲᠤ ᠥᠪ ᠢ ᠬᠠᠮᠠᠭᠠᠯᠠᠵᠤ ᠪᠠᠶᠢᠭ᠎ᠠ ᠢᠷᠭᠡᠳ ᠢ ᠤᠷᠮᠠᠰᠢᠭᠤᠯᠤᠨ᠎ᠠ

ᠭᠤᠪᠢᠰᠦ᠋ᠮᠪᠤᠷ ᠠᠶᠢᠮᠠᠭ ᠤᠨ ᠫᠷᠤᠺᠦ᠋ᠷᠤᠷ ᠤᠨ ᠭᠠᠵᠠᠷ ᠠᠴᠠ ᠰᠠᠨᠠᠭᠠᠴᠢᠯᠠᠨ ᠭᠡᠮᠲᠦ ᠬᠡᠷᠡᠭ ᠠᠴᠠ ᠤᠷᠢᠳᠴᠢᠯᠠᠨ ᠰᠡᠷᠭᠡᠶᠢᠯᠡᠬᠦ ᠠᠵᠢᠯ ᠢ ᠵᠤᠬᠢᠴᠠᠭᠤᠯᠬᠤ ᠰᠠᠯᠪᠤᠷᠢ ᠵᠥᠪᠯᠡᠯ᠂ ᠠᠶᠢᠮᠠᠭ ᠤᠨ ᠴᠠᠭᠳᠠᠭ᠎ᠠ ᠶᠢᠨ ᠬᠡᠯᠲᠡᠰ ᠵᠡᠷᠭᠡ ᠪᠠᠶᠢᠭᠤᠯᠤᠯᠭ᠎ᠠ ᠨᠤᠭᠤᠳ ᠲᠠᠢ ᠬᠠᠮᠲᠤᠷᠠᠨ ᠲᠡᠦᠬᠡ ᠰᠣᠶᠤᠯ ᠤᠨ ᠳᠤᠷᠠᠰᠬᠠᠯᠲᠤ ᠵᠦᠢᠯ ᠤᠨ ᠬᠠᠳᠠᠭᠠᠯᠠᠯᠲᠠ ᠬᠠᠮᠠᠭᠠᠯᠠᠯᠲᠠ ᠶᠢᠨ ᠪᠠᠶᠢᠳᠠᠯ ᠳᠤ ᠰᠢᠯᠭᠠᠯᠲᠠ ᠬᠢᠵᠡᠢ᠃

ᠲᠤᠰ ᠠᠶᠢᠮᠠᠭ ᠲᠤ ᠪᠠᠶᠢᠳᠠᠭ︽ᠴᠡᠭᠠᠠ ᠳ᠋ᠠᠷ᠎ᠠ ᠡᠬᠡ︾᠂︽ᠰᠢᠷᠠᠪ ᠠᠷᠢᠯᠳ᠋︾ᠪᠤᠷᠬᠠᠨ᠂︽ᠵᠠᠷᠠᠭ᠎ᠠ ᠶᠢᠨ ᠵᠡᠭᠦᠨ  ᠥᠪᠦᠷ︾ ᠲᠡᠬᠢ ᠬᠥᠮᠦᠨ ᠴᠢᠯᠠᠭᠤ᠂︽ᠭᠦᠢᠯᠡᠰᠦᠲᠦ ᠶᠢᠨ ᠡᠩᠭᠡᠷ︾ᠲᠡᠬᠢ ᠪᠢᠴᠢᠭ ᠤᠨ ᠳᠤᠷᠠᠰᠬᠠᠯ ᠵᠡᠷᠭᠡ ᠲᠡᠦᠬᠡ ᠰᠣᠶᠤᠯ ᠤᠨ ᠦᠯᠦ ᠬᠥᠳᠡᠯᠬᠦ ᠳᠤᠷᠠᠰᠬᠠᠯ ᠤᠳ ᠲᠤ ᠢᠷᠭᠡᠳ ᠰᠦ᠂ ᠴᠡᠭᠠᠠ ᠢᠳᠡᠭᠡ ᠡᠷᠬᠦᠬᠦ᠂ ᠥᠭᠡᠬᠦ ᠲᠣᠰᠤ ᠲᠦᠷᠬᠢᠬᠦ᠂ ᠣᠶᠢᠷ᠎ᠠ ᠣᠷᠴᠢᠨ ᠳᠤ ᠨᠢ ᠱᠠᠰᠢᠨ ᠤ ᠵᠠᠩ ᠦᠶᠯᠡ ᠦᠢᠯᠡᠦᠡᠬᠦ᠂ ᠵᠥᠪᠰᠢᠶᠡᠷᠡᠯ ᠦᠭᠡᠢ ᠪᠠᠷ ᠰᠡᠷᠭᠦᠭᠡᠨ ᠵᠠᠰᠠᠪᠤᠷᠢᠯᠠᠵᠤ ᠪᠤᠳᠤᠬᠤ ᠵᠡᠷᠭᠡ ᠪᠠᠷ ᠤᠤᠯ ᠲᠦᠷᠬᠦ ᠶᠢ  ᠨᠢ  ᠳᠤᠤᠷᠠᠳᠠᠭᠤᠯᠵᠠᠢ᠃ ᠲᠡᠭᠦᠨᠴᠢᠯᠡᠨ ᠵᠠᠷᠢᠮ ᠬᠢᠷᠭᠢᠰᠬᠡᠭᠦᠷ ᠳᠡᠭᠡᠭᠦᠷ ᠠᠦ᠋ᠲ᠋ᠣ᠋ ᠵᠡᠮ ᠳᠠᠭᠠᠷᠢᠵᠤ ᠭᠠᠷᠤᠭᠰᠠᠨ᠂ ᠬᠠᠲᠠᠭᠤ ᠬᠤᠴᠢᠯᠲᠠ ᠲᠠᠢ ᠵᠡᠮ ᠲᠠᠯᠪᠢᠭᠳᠠᠵᠤ ᠤᠰᠠᠳᠴᠤ  ᠦᠭᠡᠢ ᠪᠣᠯᠣᠭᠰᠠᠨ ᠲᠣᠬᠢᠶᠠᠯᠳᠤᠯ ᠴᠤ ᠭᠠᠷᠤᠭᠰᠠᠨ ᠪᠠᠶᠢᠨ᠎ᠡ᠃

ᠡᠳᠡᠭᠡᠷ ᠪᠠᠢᠳᠠᠯ ᠢ ᠠᠶᠢᠮᠠᠭ ᠤᠨ ᠭᠡᠮᠲᠦ ᠬᠡᠷᠡᠭ ᠠᠴᠠ ᠤᠷᠢᠳᠴᠢᠯᠠᠨ ᠰᠡᠷᠭᠡᠶᠢᠯᠡᠬᠦ ᠠᠵᠢᠯ ᠢ ᠵᠤᠬᠢᠴᠠᠭᠤᠯᠬᠤ ᠵᠥᠪᠯᠡᠯ᠂ ᠠᠵᠢᠯ ᠤᠨ ᠬᠡᠰᠡᠭ᠂ ᠠᠶᠢᠮᠠᠭ᠂ ᠰᠤᠮᠤᠳ ᠤᠨ ᠵᠠᠰᠠᠭ ᠳᠠᠷᠤᠭ᠎ᠠ ᠨᠠᠷ ᠣᠷᠣᠯᠴᠠᠭᠰᠠᠨ ᠬᠤᠷᠠᠯ ᠢᠶᠠᠷ ᠬᠡᠯᠡᠯᠴᠡᠭᠦᠯᠵᠦ᠂ ᠲᠡᠦᠬᠡᠨ ᠳᠤᠷᠠᠰᠬᠠᠯᠲᠤ ᠥᠪ ᠢ ᠬᠠᠶᠢᠷᠠᠯᠠᠨ ᠬᠠᠮᠠᠭᠠᠯᠠᠵᠤ ᠪᠠᠶᠢᠭ᠎ᠠ ᠢᠷᠭᠡᠳ ᠢ ᠤᠷᠮᠠᠰᠢᠭᠤᠯᠬᠤ  ᠪᠠᠷ ᠪᠣᠯᠵᠠᠢ᠃

ᠰᠡᠳᠬᠢᠭᠳᠡᠯ ᠦᠯᠡᠳᠡᠭᠡᠬᠦ