ᠮᠣᠩᠭᠣᠯ ᠤᠨ ᠰᠠᠭᠰᠤᠨ ᠪᠥᠮᠪᠦᠭᠡ ᠶᠢᠨ ᠬᠤᠯᠪᠣᠭᠠᠳ ᠨᠢᠭᠡᠳᠦᠨ ᠠᠵᠢᠯᠯᠠᠬᠤ ᠪᠠᠨ ᠢᠯᠡᠷᠬᠡᠢᠯᠡᠪᠡ | News.MN

ᠮᠣᠩᠭᠣᠯ ᠤᠨ ᠰᠠᠭᠰᠤᠨ ᠪᠥᠮᠪᠦᠭᠡ ᠶᠢᠨ ᠬᠤᠯᠪᠣᠭᠠᠳ ᠨᠢᠭᠡᠳᠦᠨ ᠠᠵᠢᠯᠯᠠᠬᠤ ᠪᠠᠨ ᠢᠯᠡᠷᠬᠡᠢᠯᠡᠪᠡ

ᠮᠣᠩᠭᠤᠯ ᠤᠯᠤᠰ ᠤᠨ ᠶᠡᠷᠦᠩᠬᠡᠶᠢᠯᠡᠭᠴᠢ ᠤ᠊ ·ᠬᠦᠷᠡᠯᠰᠦ᠋ᠬᠡ ᠮᠣᠩᠭᠣᠯ ᠤᠨ ᠰᠠᠭᠰᠤᠨ ᠪᠥᠮᠪᠦᠭᠡ ᠶᠢᠨ ᠬᠤᠯᠪᠣᠭᠠᠳ ᠤᠨ ᠲᠥᠯᠥᠭᠡᠯᠡᠭᠴᠢᠳ ᠢ ᠬᠦᠯᠢᠶᠡᠨ ᠠᠪᠴᠤ ᠠᠭᠤᠯᠵᠠᠯ᠎ᠠ᠃ ᠲᠡᠷᠡ ᠪᠠᠷ ᠬᠤᠯᠪᠣᠭᠠᠳ ᠬᠠᠮᠲᠤᠷᠠᠨ ᠰᠠᠭᠰᠤᠨ ᠪᠥᠮᠪᠦᠭᠡ ᠶᠢᠨ ᠨᠢᠭᠡᠳᠦᠭᠰᠡᠨ ᠲᠡᠭᠡᠳᠦ ᠯᠢᠭ ᠤᠨ ᠲᠡᠮᠡᠴᠡᠭᠡᠨ ᠢ ᠠᠮᠵᠢᠯᠲᠠᠲᠠᠶ ᠵᠣᠬᠢᠶᠠᠨ ᠪᠠᠶᠢᠭᠤᠯᠵᠤ ᠪᠠᠢᠭ᠎ᠠ ᠳᠤ ᠲᠠᠯᠠᠷᠬᠠᠯ ᠢᠯᠡᠷᠬᠡᠢᠯᠡᠪᠡ᠃

ᠡᠨᠡ ᠨᠢ ᠰᠠᠭᠰᠤᠨ ᠪᠥᠮᠪᠦᠭᠡ ᠶᠢᠨ ᠰᠫᠣᠷᠲ ᠤᠨ ᠬᠢᠨ ᠤ ᠳᠤᠮᠳᠠ ᠡᠭᠦᠰᠦᠭᠡᠳ ᠪᠠᠶᠢᠭ᠎ᠠ ᠦᠯᠦ ᠣᠶᠢᠯᠠᠭᠠᠯᠴᠠᠯ ᠳᠤ ᠴᠡᠭ ᠲᠠᠯᠪᠢᠬᠤ ᠡᠬᠢᠨ ᠤ ᠠᠯᠬᠤᠮ ᠪᠣᠯᠣᠭᠰᠠᠨ ᠲᠡᠳᠦᠢ ᠦᠭᠡᠢ ᠡᠨᠡ ᠰᠫᠣᠷᠲ ᠢᠶᠠᠷ ᠬᠢᠴᠢᠶᠡᠯᠯᠡᠳᠡᠭ᠂ ᠰᠢᠮᠲᠡᠨ ᠦᠵᠡᠳᠡᠭ ᠮᠢᠩᠭ᠎ᠠ ᠮᠢᠩᠭᠠᠨ ᠵᠠᠯᠠᠭᠤᠰ ᠢ ᠪᠠᠶᠠᠷᠯᠠᠭᠤᠯᠤᠭᠰᠠᠨ᠂ ᠨᠢᠭᠡᠳᠬᠡᠭᠰᠡᠨ᠂ ᠢᠳᠡᠪᠬᠢᠵᠢᠭᠦᠯᠦᠭᠰᠡᠨ ᠭᠡᠳᠡᠭ ᠢ ᠲᠣᠳᠣᠳᠬᠠᠪᠠ᠃ ᠰᠡᠭᠦᠯ ᠤᠨ ᠨᠠᠢᠮᠠᠨ ᠵᠢᠯ ᠬᠤᠭᠤᠷᠣᠨᠳᠤ ᠪᠠᠨ ᠤᠢᠯᠠᠭᠠᠯᠴᠠᠵᠤ ᠴᠢᠳᠠᠭ᠎ᠠ ᠦᠭᠡᠢ  ᠠᠴᠠ ᠣᠯᠠᠨ ᠤᠯᠤᠰ ᠤᠨ ᠲᠡᠮᠡᠴᠡᠭᠡᠨ ᠳᠤ ᠣᠷᠣᠯᠴᠠᠵᠤ ᠴᠢᠳᠠᠭ᠎ᠠ ᠦᠭᠡᠢ ᠠᠯᠳᠠᠭᠠᠨ ᠳᠤ ᠪᠠᠨ ᠳ᠋ᠦᠩᠨᠡᠯᠲᠡ ᠬᠢᠬᠦ ᠶᠢ ᠰᠠᠨᠠᠭᠤᠯᠤᠯ᠎ᠠ᠃
ᠲᠥᠯᠦᠭᠡᠯᠡᠭᠴᠢ ᠨᠠᠷ ᠶᠡᠷᠦᠩᠬᠡᠶᠢᠯᠡᠭᠴᠢ ᠶᠢᠨ ᠰᠠᠨᠠᠯ᠂ ᠤᠷᠢᠶᠠᠯᠠᠭ᠎ᠠ ᠶᠢ ᠳᠡᠮᠵᠢᠵᠦ᠂ ᠣᠶᠢᠷ᠎ᠠ ᠶᠢᠨ ᠬᠤᠭᠤᠴᠠᠭᠠᠨ ᠳᠤ ᠬᠤᠷᠠᠯ ᠢᠶᠠᠨ ᠬᠢᠵᠦ᠂ ᠪᠦᠬᠦᠳᠠ ᠬᠦᠯᠢᠶᠡᠨ ᠵᠥᠪᠰᠢᠶᠡᠷᠡᠭᠰᠡᠨ ᠲᠦᠷᠢᠮ ᠲᠠᠢ᠂ ᠤᠳᠤᠷᠢᠳᠤᠯᠭ᠎ᠠ ᠲᠠᠢ ᠪᠣᠯᠬᠤ ᠶᠢᠨ ᠲᠥᠯᠥᠭᠡ ᠬᠠᠷᠢᠯᠴᠠᠨ ᠣᠶᠢᠯᠠᠭᠠᠯᠴᠠᠵᠤ ᠠᠵᠢᠯᠯᠠᠬᠤ ᠪᠠᠨ  ᠢᠯᠡᠷᠬᠡᠢᠯᠡᠪᠡ᠃

ᠰᠡᠳᠬᠢᠭᠳᠡᠯ ᠦᠯᠡᠳᠡᠭᠡᠬᠦ