ᠴᠠᠬᠢᠮ ᠬᠥᠭᠵᠢᠯ᠂ ᠬᠠᠷᠢᠯᠴᠠᠭ᠎ᠠ ᠬᠣᠯᠪᠣᠭᠠᠨ ᠤ ᠶᠠᠮᠤᠨ᠂ 《E-ᠮᠣᠩᠭᠣᠯ》ᠠᠺᠠᠳᠧᠮᠢ ᠲᠠᠢ ᠬᠠᠮᠲᠤᠷᠠᠵᠤ᠂ ᠡᠨᠡ ᠣᠨ ᠳᠤ ᠪᠦᠬᠦ ᠠᠶᠢᠮᠠᠭ ᠤᠨ ᠲᠥᠷᠥ ᠶᠢᠨ ᠦᠢᠯᠡᠴᠢᠯᠡᠭᠡ ᠶᠢ ᠴᠠᠬᠢᠮᠵᠢᠭᠤᠯᠤᠨ᠎ᠠ᠃ ᠲᠡᠳᠡ ᠭᠤᠷᠪᠠᠳᠤᠭᠠᠷ ᠰᠠᠷ᠎ᠠ ᠶᠢᠨ 15 ᠠᠴᠠ ᠬᠥᠳᠡᠭᠡ᠂ ᠣᠷᠣᠨ ᠨᠤᠲᠤᠭ ᠲᠤ ᠠᠵᠢᠯᠯᠠᠵᠤ᠂ 《ᠴᠠᠬᠢᠮ ᠵᠢᠱᠢᠭ ᠠᠶᠢᠮᠠᠭ》ᠪᠣᠯᠬᠤ ᠳᠤ ᠨᠢ ᠲᠥᠷᠥ ᠶᠢᠨ ᠪᠠᠶᠢᠭᠤᠯᠤᠯᠭ᠎ᠠ ᠨᠤᠭᠤᠳ ᠲᠤ ᠪᠣᠯᠤᠨ ᠢᠷᠭᠡᠳ ᠲᠦ ᠮᠡᠷᠭᠡᠵᠢᠯ ᠠᠷᠭ᠎ᠠ ᠵᠦᠢ ᠶᠢᠨ ᠵᠢᠭᠠᠪᠤᠷᠢ᠂ ᠵᠥᠪᠯᠡᠭᠡ ᠥᠭᠬᠦ ᠶᠤᠮ ᠪᠠᠶᠢᠨ᠎ᠠ᠃
ᠥᠨᠥᠳᠥᠷ ᠦᠨ ᠪᠠᠶᠢᠳᠠᠯ ᠢᠶᠠᠷ᠂《E-ᠮᠣᠩᠭᠣᠯ》 ᠳᠦ ᠨᠠᠢ᠌ᠮᠠᠨ ᠠᠶᠢᠮᠠᠭ ᠤᠨ ᠨᠤᠲᠤᠭ ᠤᠨ ᠵᠠᠬᠢᠷᠭᠠᠨ ᠤ 540 ᠦᠢᠯᠡᠴᠢᠯᠡᠭᠡ ᠶᠢ ᠴᠠᠬᠢᠮᠵᠢᠭᠤᠯᠵᠤ ᠨᠢᠭᠡᠳᠬᠡᠭᠡᠳ ᠪᠠᠶᠢᠨ᠎ᠠ᠃ ᠡᠭᠦᠨ ᠳᠦ᠂ ᠲᠥᠪ ᠠᠶᠢᠮᠠᠭ 47᠂ ᠬᠥᠪᠰᠥᠭᠥᠯ ᠠᠶᠢᠮᠠᠭ 71᠂ ᠪᠤᠯᠠᠭᠠᠨ ᠠᠶᠢᠮᠠᠭ 62᠂ ᠳᠠᠷᠬᠠᠨ-ᠠᠭᠤᠯᠠ ᠠᠶᠢᠮᠠᠭ 61᠂ ᠣᠷᠬᠣᠨ ᠠᠶᠢᠮᠠᠭ 74᠂ ᠰᠡᠯᠡᠩᠭᠡ ᠠᠶᠢᠮᠠᠭ 73᠂ ᠰᠦᠬᠡᠪᠠᠭᠠᠲᠤᠷ ᠠᠶᠢᠮᠠᠭ 76᠂ ᠬᠡᠨᠲᠡᠢ ᠠᠶᠢᠮᠠᠭ 71 ᠦᠢᠯᠡᠴᠢᠯᠡᠭᠡ ᠶᠢ ᠴᠠᠬᠢᠮᠵᠢᠭᠤᠯᠪᠠ᠃