ᠠᠷᠠᠳᠴᠢᠯᠠᠭᠰᠠᠨ ᠨᠠᠮ ᠤᠨ ᠳᠠᠷᠤᠭ᠎ᠠ ᠳᠤ ᠬ ∙ ᠪᠠᠲᠤᠲᠤᠯᠭ᠎ᠠ ᠦᠷᠢᠰᠦᠯᠳᠦᠨ᠎ᠡ | News.MN

ᠠᠷᠠᠳᠴᠢᠯᠠᠭᠰᠠᠨ ᠨᠠᠮ ᠤᠨ ᠳᠠᠷᠤᠭ᠎ᠠ ᠳᠤ ᠬ ∙ ᠪᠠᠲᠤᠲᠤᠯᠭ᠎ᠠ ᠦᠷᠢᠰᠦᠯᠳᠦᠨ᠎ᠡ

ᠠᠷᠠᠳᠴᠢᠯᠠᠭᠰᠠᠨ ᠨᠠᠮ ᠤᠨ ᠳᠣᠲᠣᠭᠠᠳᠤ ᠰᠣᠩᠭᠣᠭᠤᠯᠢ ᠶᠢᠨ ᠬᠣᠷᠢᠶᠠᠨ ᠠᠴᠠ ᠵᠣᠬᠢᠶᠠᠨ ᠪᠠᠶᠢᠭᠤᠯᠵᠤ ᠪᠤᠢ ᠠᠷᠠᠳᠴᠢᠯᠠᠭᠰᠠᠨ ᠨᠠᠮ ᠤᠨ ᠳᠠᠷᠤᠭ᠎ᠠ ᠶᠢ ᠰᠤᠩᠭᠤᠬᠤ ᠰᠣᠩᠭᠣᠭᠤᠯᠢ ᠶᠢᠨ ᠪᠦᠷᠢᠳᠬᠡᠯ ᠦᠨ ᠬᠤᠭᠤᠴᠠᠭ᠎ᠠ ᠥᠨᠥᠳᠥᠷ ︵03.10︶20᠄00 ᠴᠠᠭ ᠲᠤ ᠳᠠᠭᠤᠰᠴᠠᠢ᠃  ᠰᠤᠩᠭᠠᠭᠠᠨ ᠳᠤ ᠬᠣᠶᠠᠷ ᠨᠡᠷ᠎ᠡ ᠳᠡᠪᠰᠢᠭᠴᠢ ᠮᠠᠲ᠋ᠧᠷᠢᠶᠠᠯ ᠢᠶᠠᠨ ᠬᠦᠯᠢᠶᠡᠯᠭᠡᠨ ᠥᠭᠭᠦᠭᠰᠡᠨ ᠪᠠᠶᠢᠨ᠎ᠠ᠃
ᠲᠣᠳᠣᠷᠠᠭᠤᠯᠪᠠᠯ᠂ ᠲᠡᠳᠡᠨ ᠦ ᠨᠢᠭᠡ ᠨᠢ ᠮᠣᠩᠭᠣᠯ ᠤᠯᠤᠰ ᠤᠨ ᠶᠡᠷᠦᠩᠬᠡᠶᠢᠯᠡᠭᠴᠢ ᠠᠰᠠᠨ ᠬᠠᠯᠲᠠᠮ᠎ᠠ ᠶᠢᠨ ᠪᠠᠲᠤᠲᠤᠯᠭ᠎ᠠ ᠪᠥᠭᠡᠳ ᠲᠡᠭᠦᠨ ᠦ ᠬᠦᠰᠡᠯᠲᠡ ᠶᠢ ᠠᠷᠠᠳᠴᠢᠯᠠᠭᠰᠠᠨ ᠨᠠᠮ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠠᠰᠠᠨ ᠫᠦᠷᠪᠦ ᠶᠢᠨ ᠨᠦᠷᠵᠡᠳ᠂ ᠳᠣᠲᠣᠭᠠᠳᠤ ᠰᠣᠩᠭᠣᠭᠤᠯᠢ ᠶᠢᠨ ᠬᠣᠷᠢᠶᠠᠨ ᠤ ᠳᠠᠷᠤᠭ᠎ᠠ ᠢᠰᠢᠵᠠᠮᠼᠤ ᠶᠢᠨ ᠮᠥᠩᠬᠡᠵᠢᠷᠭᠠᠯ ᠳᠤ ᠬᠦᠯᠢᠶᠡᠯᠭᠡᠨ ᠥᠭᠭᠦᠭᠰᠡᠨ ᠪᠠᠶᠢᠨ᠎ᠠ᠃

ᠰᠡᠳᠬᠢᠭᠳᠡᠯ ᠦᠯᠡᠳᠡᠭᠡᠬᠦ