ᠨᠠᠶᠢᠷᠠᠭᠤᠯᠤᠭᠴᠢ ᠮ∙ᠪᠠᠲᠤᠪᠤᠯᠤᠳ ᠢ ᠳ᠋ᠤᠰᠲ᠋ᠤᠶ᠋ᠸᠸᠢᠰᠺᠢ ᠶᠢᠨ ᠮᠧᠳᠠᠯ ᠢᠶᠠᠷ ᠱᠠᠩᠨᠠᠨ᠎ᠠ | News.MN

ᠨᠠᠶᠢᠷᠠᠭᠤᠯᠤᠭᠴᠢ ᠮ∙ᠪᠠᠲᠤᠪᠤᠯᠤᠳ ᠢ ᠳ᠋ᠤᠰᠲ᠋ᠤᠶ᠋ᠸᠸᠢᠰᠺᠢ ᠶᠢᠨ ᠮᠧᠳᠠᠯ ᠢᠶᠠᠷ ᠱᠠᠩᠨᠠᠨ᠎ᠠ

ᠣᠷᠣᠰ  ᠤᠨ ᠰᠤᠶᠤᠯ ᠤᠨ ᠶᠠᠮᠤᠨ ᠠᠴᠠ ᠶᠡᠬᠡ ᠵᠣᠬᠢᠶᠠᠯᠴᠢ ᠳ᠋ᠤᠰᠲ᠋ᠤᠶ᠋ᠸᠸᠢᠰᠺᠢ  ᠶᠢᠨ ᠮᠡᠨᠳᠦᠯᠡᠭᠰᠡᠨ ᠦ 200 ᠵᠢᠯ ᠦᠨ ᠣᠢ ᠶᠢ ᠲᠣᠬᠢᠶᠠᠯᠳᠤᠭᠤᠯᠤᠨ ᠭᠠᠷᠭᠠᠭᠰᠠᠨ《ᠸ᠂ ᠮ᠂ ᠳ᠋ᠤᠰᠲ᠋ᠤᠶ᠋ᠸᠸᠢᠰᠺᠢ 1821-2021》 ᠬᠡᠮᠡᠬᠦ ᠮᠧᠳᠠᠯ ᠢ ᠤᠯᠤᠰ ᠣᠷᠣᠨ ᠳᠤ ᠪᠠᠨ ᠳ᠋ᠤᠰᠲ᠋ᠤᠶ᠋ᠸᠸᠢᠰᠺᠢ ᠶᠢᠨ ᠥᠪ ᠢ ᠲᠦᠭᠡᠭᠡᠨ ᠳᠡᠯᠭᠡᠷᠡᠭᠦᠯᠬᠦ ᠳᠦ ᠣᠨᠴᠠᠭᠠᠢ ᠬᠤᠪᠢ ᠨᠡᠮᠡᠷᠢ ᠣᠷᠣᠭᠤᠯᠤᠭᠰᠠᠨ ᠬᠦᠮᠦᠰ ᠲᠦ ᠬᠦᠷᠲᠡᠭᠡᠵᠦ ᠪᠤᠢ ᠃

ᠨᠠᠶᠢᠷᠠᠭᠤᠯᠤᠭᠴᠢ ᠮ ∙ᠪᠠᠲᠤᠪᠤᠯᠤᠳ ᠮᠣᠩᠭᠣᠯ᠂ ᠣᠷᠣᠰ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 100 ᠵᠢᠯ ᠦᠨ ᠣᠢ ᠪᠣᠯᠤᠨ ᠵᠣᠬᠢᠶᠠᠯᠴᠢ ᠳ᠋ᠤᠰᠲ᠋ᠤᠶ᠋ᠸᠸᠢᠰᠺᠢ ᠶᠢᠨ ᠮᠡᠨᠳᠦᠯᠡᠭᠰᠡᠨ ᠦ 200 ᠵᠢᠯ ᠦᠨ ᠣᠢ ᠶᠢ ᠲᠣᠬᠢᠶᠠᠯᠳᠤᠭᠤᠯᠤᠨ ᠷᠣᠮᠠᠨ ᠠᠴᠠ ᠨᠢ ᠰᠡᠳᠦᠪᠯᠡᠭᠰᠡᠨ 《ᠭᠡᠮ ᠵᠡᠮ》  ᠵᠦᠴᠦᠭᠡ ᠶᠢ ᠨᠠᠶᠢᠷᠠᠭᠤᠯᠤᠨ ᠲᠠᠯᠪᠢᠭᠰᠠᠨ ᠨᠢ ᠦᠵᠡᠭᠴᠢᠳ ᠦᠨ ᠲᠠᠯᠠᠷᠬᠠᠯ ᠢ  ᠬᠦᠯᠢᠶᠡᠵᠦ᠂ ᠱᠠᠩᠨᠠᠭᠳᠠᠬᠤ ᠪᠠᠷ ᠪᠤᠯᠵᠤ ᠪᠠᠢᠨ᠎ᠠ᠃

ᠰᠡᠳᠬᠢᠭᠳᠡᠯ ᠦᠯᠡᠳᠡᠭᠡᠬᠦ