ᠪᠠᠭᠰᠢ ᠨᠠᠷ︽ᠠᠯᠲᠠᠨ ᠪᠢᠷ︾ᠦᠵᠡᠰᠬᠦᠯᠡᠩ ᠢᠶᠠᠨ ᠳᠡᠯᠭᠡᠪᠡ | News.MN

ᠪᠠᠭᠰᠢ ᠨᠠᠷ︽ᠠᠯᠲᠠᠨ ᠪᠢᠷ︾ᠦᠵᠡᠰᠬᠦᠯᠡᠩ ᠢᠶᠠᠨ ᠳᠡᠯᠭᠡᠪᠡ

ᠭᠤᠪᠢ ᠠᠯᠲᠠᠢ ᠠᠶᠢᠮᠠᠭ ᠤᠨ ᠮᠡᠷᠭᠡᠵᠢᠯ ᠰᠤᠷᠭᠠᠯᠲᠠ ᠦᠢᠯᠡᠳᠪᠤᠷᠢᠯᠡᠯ ᠤᠨ ᠲᠦᠪ ᠦᠨ 10 ᠪᠠᠭᠰᠢ ᠨᠢᠭᠡᠳᠦᠨ ᠪᠢᠷ ᠦᠨ ᠪᠢᠴᠢᠯᠭᠡ ᠶᠢᠨ ᠰᠤᠷᠭᠠᠯᠲᠠ ᠳᠦ ᠬᠠᠮᠤᠷᠤᠭᠳᠠᠨ᠂ ᠭᠤᠷᠪᠠᠳᠤᠭᠠᠷ ᠰᠠᠷ᠎ᠠ ᠶᠢᠨ ᠳᠤᠯᠤᠭᠠᠨ  ᠳᠦ︽ᠠᠯᠲᠠᠨ ᠪᠢᠷ︾ᠦᠵᠡᠰᠬᠦᠯᠡᠩ ᠢᠶᠠᠨ ᠳᠡᠯᠭᠡᠯ᠎ᠡ᠃ ᠡᠳᠡᠭᠡᠷ 10 ᠪᠠᠭᠰᠢ᠂ ᠥᠪᠡᠷᠰᠡᠳ ᠤᠨ ᠬᠡᠦᠬᠡᠳ ᠤᠳ ᠤᠨ ᠬᠠᠮᠲᠤ ᠪᠠᠷ ᠭᠤᠪᠢ ᠠᠯᠲᠠᠢ ᠠᠶᠢᠮᠠᠭ ᠤᠨ ᠤᠤᠭᠠᠯ᠂ ᠵᠠᠪᠬᠠᠨ ᠠᠶᠢᠮᠠᠭ ᠤᠨ ᠪ∙ᠡᠯᠳᠡᠪᠸᠴᠢᠷ ᠤᠨ ᠨᠡᠷᠡᠮᠵᠢᠲᠦ ᠯᠠᠪᠣᠷᠠᠲ᠋ᠣᠷᠢ ᠰᠤᠷᠭᠠᠭᠤᠯᠢ ᠶᠢᠨ ᠪᠠᠭᠰᠢ ᠪ∙ᠡᠩᠬᠡᠴᠣᠯᠮᠣᠨ ᠢᠶᠡᠷ ᠦᠨᠳᠦᠰᠦᠨ ᠤ ᠪᠢᠴᠢᠭ ᠤᠨ ᠪᠢᠷ ᠦᠨ ᠪᠢᠴᠢᠯᠭᠡ ᠵᠢᠭᠠᠯᠭᠠᠵᠤ᠂ ᠡᠶᠢᠨ ᠬᠦ ᠰᠤᠷᠤᠭᠰᠠᠨ ᠮᠡᠳᠡᠭᠰᠡᠨ ᠢᠶᠠᠨ ᠬᠠᠮᠲᠤ ᠣᠯᠠᠨ᠂ ᠱᠠᠪᠢ ᠨᠠᠷ ᠲᠤ ᠪᠠᠨ ᠲᠠᠶᠢᠯᠤᠩᠨᠠᠨ ᠦᠵᠡᠰᠬᠦᠯᠡᠩ ᠢᠶᠠᠨ ᠳᠡᠯᠭᠡᠭᠰᠡᠨ ᠪᠠᠶᠢᠨ᠎ᠡ᠃
ᠤᠭ ᠦᠵᠡᠰᠬᠦᠯᠡᠩ ᠢ ᠲᠤᠰ ᠲᠥᠪ ᠤᠨ ᠬᠠᠮᠲᠤ ᠣᠯᠠᠨ᠂ ᠣᠶᠤᠲᠠᠨ ᠰᠤᠷᠤᠯᠴᠠᠭᠴᠢᠳ ᠦᠵᠡᠵᠦ ᠰᠣᠨᠢᠷᠬᠠᠭᠰᠠᠨ ᠠᠴᠠ ᠭᠠᠳᠡᠨ᠎ᠡ ᠠᠶᠢᠮᠠᠭ ᠤᠨ  ᠪᠤᠯᠪᠠᠰᠤᠷᠠᠯ ᠰᠢᠨᠵᠢᠯᠡᠬᠦ ᠤᠬᠠᠭᠠᠨ ᠤ ᠭᠠᠵᠠᠷ ᠤᠨ ᠳᠠᠷᠤᠭ᠎ᠠ ᠵ᠊ ·ᠠᠮᠤᠭᠤᠯᠠᠩᠪᠠᠭᠠᠲᠤᠷ᠂ ᠮᠣᠩᠭᠤᠯ ᠬᠡᠯᠡ ᠪᠢᠴᠢᠭ ᠤᠨ ᠠᠷᠭ᠎ᠠ ᠵᠦᠢᠴᠢ ᠵ᠊ · ᠳᠡᠯᠭᠡᠷᠮ᠎ᠠ ᠨᠠᠷ ᠬᠦᠷᠦᠯᠴᠡᠨ ᠢᠷᠠᠵᠤ᠂ ᠴᠠᠭᠠᠰᠢᠳᠠ ᠶᠢᠨ ᠠᠵᠢᠯ ᠳᠤ ᠨᠢ  ᠠᠮᠵᠢᠯᠲᠠ  ᠬᠦᠰᠡᠯ᠎ᠡ᠃
ᠰᠤᠷᠭᠠᠯᠲᠠ ᠳᠤ ᠬᠠᠮᠤᠷᠤᠭᠳᠠᠭᠰᠠᠨ ᠪᠠᠭᠰᠢ ᠨᠠᠷ︽ᠤᠷᠠᠨ ᠪᠢᠷ︾ ᠨᠡᠷ᠎ᠡ ᠲᠠᠢ ᠪᠦᠯᠬᠦᠮ  ᠪᠠᠶᠢᠭᠤᠯᠵᠤ ᠮᠡᠳᠡᠯᠭᠡ ᠴᠢᠳᠠᠪᠤᠷᠢ ᠪᠠᠨ ᠳᠡᠭᠡᠭᠰᠢᠯᠡᠭᠦᠯᠦᠨ᠂ ᠦᠨᠳᠦᠰᠦᠨ ᠤ ᠪᠢᠴᠢᠭ᠂ ᠥᠪ ᠰᠣᠶᠣᠯ ᠢᠶᠠᠨ ᠲᠦᠭᠡᠭᠡᠨ ᠳᠡᠯᠭᠡᠷᠡᠭᠦᠯᠬᠦ ᠶᠢ ᠵᠣᠷᠢᠵᠤ ᠪᠤᠶ  ᠠᠵᠠᠢ᠃

ᠰᠡᠳᠬᠢᠭᠳᠡᠯ ᠦᠯᠡᠳᠡᠭᠡᠬᠦ